ᠤᠷᠢᠳᠤᠬᠦ᠋ᠪ ᠤᠨ ᠭᠤᠷᠪᠠᠨ ᠮᠤᠳᠤ
ᠨᠡᠶᠢᠲᠡᠯᠡᠭᠰᠡᠨ ᠴᠠᠭ᠄
2019/6/18
     ᠠᠷᠤ ᠬᠤᠷᠴᠢᠨ ᠬᠤᠰᠢᠭᠤᠨ ᠤ ᠬᠠᠨᠰᠦ᠋ᠮ᠎ᠡ ᠰᠤᠮᠤ ᠶᠢᠨ ᠤᠷᠢᠳᠤᠬᠦ᠋ᠪ ᠭᠠᠴᠠᠭᠠᠨ ᠤ ᠬᠦᠪ ᠲᠤᠭᠤᠶᠢᠯᠠᠩ  ᠳᠤ ᠮᠠᠩᠬ᠎ᠠ ᠵᠤᠤ ᠪᠠᠷ ᠬᠦᠷᠢᠶᠡᠯᠡᠭᠳᠡᠭᠰᠡᠨ ᠨᠠᠭᠤᠷ ᠪᠦᠷᠢᠳᠦ ᠲᠠᠢ᠂ ᠵᠡᠭᠡᠰᠤ ᠬᠤᠯᠤᠰᠤ ᠲᠠᠢ ᠲᠡᠭᠰᠢ ᠰᠠᠶᠢᠬᠠᠨ ᠲᠠᠯ᠎ᠠ ᠭᠠᠵᠠᠷ ᠪᠠᠶᠢᠳᠠᠭ ᠢ ︽ᠬᠦᠪ ᠤᠨ ᠲᠠᠯ᠎ᠠ︾ ᠭᠡᠵᠤ ᠨᠡᠷᠡᠶᠢᠳᠦᠳᠡᠭ ᠶᠤᠮ᠃      ᠡᠨᠡ ᠬᠦ ᠲᠦᠮᠡ ᠢᠯᠡᠭᠦᠤ ᠮᠤ᠋ ᠶᠢᠨ ᠠᠭᠤᠳᠠᠮ ᠰᠠᠷᠠᠭᠤᠯ ᠲᠠᠯ᠎ᠠ ᠶᠢᠨ ᠵᠡᠭᠦᠨ ᠬᠦᠪᠡᠭᠡ ᠨᠢ ᠡᠯᠡᠰᠤ ᠮᠠᠩᠬ᠎ᠠ  ᠪᠠᠷ ᠬᠦᠷᠢᠶᠡᠯᠡᠭᠳᠡᠵᠤ᠂ ᠡᠯᠡᠰᠤ ᠮᠠᠩᠬᠠᠨ ᠳᠤᠨᠢ ᠪᠤᠷᠭᠠᠰᠤ᠂ ᠠᠯᠳᠠᠭᠠᠨ᠎ᠠ ᠢᠭᠴᠤᠷᠠᠨ ᠤᠷᠭᠤᠵᠤ᠂ ᠨᠠᠭᠤᠷ ᠱᠠᠩᠳᠠ  ᠳᠤᠨᠢ ᠨᠤᠭᠤᠰᠤ ᠭᠠᠯᠠᠭᠤ ᠵᠡᠷᠭᠡ ᠤᠰᠤᠨ ᠤ ᠰᠢᠪᠠᠭᠤ ᠵᠤᠨᠵᠢᠵᠤ᠂ ᠨᠤᠭᠤᠭᠠᠨ ᠲᠠᠯ᠎ᠠ ᠶᠢᠨ ᠦᠷᠦᠴᠡᠨ ᠳᠤ ᠵᠠᠭᠤᠨ ᠵᠦᠢᠯ ᠤᠨ ᠡᠪᠡᠰᠤ ᠤᠷᠭᠤᠮᠠᠯ ᠴᠡᠴᠡᠭ ᠨᠠᠪᠴᠢ ᠦᠩᠭᠡ ᠢᠯᠭᠠᠷᠠᠨ ᠮᠢᠷᠠᠯᠵᠠᠵᠤ᠂ ᠨᠠᠮᠤᠷ ᠴᠠᠭ ᠲᠤ ᠠᠯᠳᠠᠨ ᠰᠢᠷᠭᠠᠯ ᠦᠩᠭᠡ ᠪᠠᠷ ᠬᠠᠯᠢᠭᠤᠷᠠᠵᠤ᠂ ᠵᠠᠷᠠᠭ᠎ᠠ ᠮᠦᠭᠡᠷᠴᠤ ᠬᠠᠷᠢᠶᠠᠴᠠᠢ ᠪᠤᠴᠠᠨ᠂ ᠬᠦᠪ ᠤᠨ ᠮᠠᠯᠴᠢᠳ ᠡᠪᠡᠰᠤᠨ ᠳᠤ ᠪᠠᠨ ᠭᠠᠷᠳᠠᠭ ᠭᠤᠶᠤᠮᠰᠤᠭ ᠰᠠᠶᠢᠬᠠᠨ ᠪᠠᠶᠢᠭᠠᠯᠢ ᠶᠢᠨ ᠦᠵᠡᠮᠵᠢ ᠲᠠᠢ᠃ ᠬᠦᠪ ᠤᠨ ᠲᠠᠯ᠎ᠠ ᠶᠢᠨ ᠪᠠᠷᠠᠭᠤᠨ ᠬᠦᠪᠡᠭᠡ ᠪᠠᠷ  ᠨᠢ ᠴᠢᠪᠠᠭ᠎ᠠ — ᠪᠠᠶ᠋ᠬᠠᠦ᠋ᠨᠳᠤᠷ ᠵᠠᠰᠠᠮᠠᠯ ᠢᠶᠠᠷ ᠨᠡᠶᠢᠳᠡ ᠶᠢᠨ ᠮᠠᠰᠢᠨ ᠲᠠᠪᠬᠢᠵᠤ᠂ ᠬᠦᠮᠤᠰ ᠤᠨ ᠰᠡᠳᠬᠢᠯ ᠢ ᠪᠠᠶᠠᠰᠬᠠᠮ᠎ᠠ ᠰᠠᠶᠢᠬᠠᠨ ᠨᠤᠲᠤᠭ ᠶᠤᠮ᠃ ᠤᠳᠤ ᠪᠢ ᠡᠨᠡ ᠨᠤᠲᠤᠭ ᠤᠨ ᠦᠯᠢᠭᠡᠷ ᠲᠡᠤᠬᠡ ᠲᠠᠢ ᠭᠤᠷᠪᠠᠨ ᠮᠤᠳᠤ  ᠶᠢᠨ ᠲᠤᠬᠠᠢ ᠶᠠᠷᠢᠶ᠎ᠠ᠃      ᠮᠤᠳᠤᠳᠤ ᠬᠤᠸᠠ ᠶᠢᠨ ᠮᠤᠳᠤ      ᠬᠦᠪ ᠤᠨ ᠲᠠᠯ᠎ᠠ ᠶᠢᠨ ᠪᠠᠷᠠᠭᠤᠨ ᠬᠦᠪᠡᠭᠡ ᠪᠠᠷ ᠭᠠᠷᠤᠭᠰᠠᠨ ᠵᠠᠰᠠᠮᠠᠯ ᠵᠠᠮ ᠤᠨ ᠪᠠᠷᠠᠭᠤᠨ ᠳᠤ ᠪᠠᠶᠢᠭ᠎ᠠ ᠬᠤᠸᠠ ᠶᠢ ᠮᠤᠷᠢᠳᠤ ᠬᠤᠸᠠ ᠭᠡᠳᠡᠭ ᠪᠦᠭᠡᠳ ᠲᠡᠭᠦᠨ ᠠᠴᠠ ᠦᠷᠭᠦᠯᠵᠢᠯᠡᠭᠰᠡᠨ ᠲᠤᠮᠤᠬᠠᠨ ᠰᠢᠭ᠋ ᠬᠤᠸᠠ ᠶᠢ ᠮᠤᠳᠤᠳᠤ ᠬᠤᠸᠠ ᠭᠡᠳᠡᠭ᠃ ᠡᠨᠡ ᠬᠦ ᠮᠤᠳᠤᠳᠤ ᠬᠤᠸᠠ ᠶᠢᠨ ᠤᠷᠤᠢ ᠲᠡᠭᠡᠷ᠎ᠡ ᠬᠤᠶᠠᠷ ᠰᠠᠭᠤᠷᠢ ᠠᠪᠤᠷᠭᠤ ᠲᠤᠮᠤ ᠬᠠᠶᠢᠯᠠᠰᠤᠨ ᠮᠤᠳᠤ ᠪᠠᠶᠢᠬᠤ ᠪᠦᠭᠡᠳ ᠲᠤᠰ ᠮᠤᠳᠤ ᠶᠢ ᠬᠤᠯᠠ ᠠᠴᠠ ᠬᠠᠷᠠᠬᠤ ᠳᠤ ᠰᠦᠭᠡᠭ ᠪᠤᠳᠤ ᠮᠡᠳᠤ ᠦᠵᠡᠭᠳᠡᠪᠡᠴᠤ ᠬᠠᠵᠠᠭᠤ ᠳᠤᠨᠢ ᠤᠴᠢᠭᠠᠳ ᠦᠵᠡᠪᠡᠯ ᠨᠢᠭᠡ ᠤᠭ ᠠᠴᠠ ᠤᠷᠭᠤᠭᠰᠠᠨ ᠲᠡᠪᠡᠷᠢ ᠢᠯᠡᠭᠦᠤ ᠪᠦᠳᠦᠭᠦᠨ ᠬᠤᠶᠠᠷ ᠮᠤᠳᠤ ᠪᠠᠶᠢᠵᠤ᠂ ᠬᠤᠶᠠᠷ ᠠᠴᠠ ᠭᠤᠷᠪᠠᠨ ᠵᠠᠭᠤᠨ ᠵᠢᠯ ᠤᠨ ᠤᠷᠳᠤ ᠤᠳᠠᠭᠠᠨ ᠴᠠᠭ ᠬᠤᠭᠤᠴᠠᠭᠠᠨ ᠤ ᠰᠠᠯᠬᠢ ᠰᠢᠭᠤᠷᠭ᠎ᠠ᠂ ᠪᠤᠷᠤᠭᠠᠨ ᠴᠠᠰᠤ᠂ ᠭᠠᠩ ᠬᠠᠭᠰᠠᠷᠭᠠᠨ ᠢ ᠦᠩᠭᠡᠷᠡᠭᠡᠵᠤ᠂ ᠤᠯᠠᠨ ᠦᠶ᠎ᠡ ᠶᠢᠨ ᠬᠦᠮᠤᠰ ᠤᠨ ᠨᠠᠰᠤ ᠶᠢ ᠡᠯᠡᠭᠡᠵᠤ᠂ ᠦᠰᠦ ᠶᠢ ᠴᠠᠶᠢᠯᠠᠭᠠᠭᠰᠠᠨ ᠨᠢ ᠢᠯᠡᠷᠭᠡᠢ ᠠᠵᠤᠭᠤ᠃ ᠡᠨᠡ ᠮᠤᠳᠤ ᠶᠠᠮᠠᠷᠴᠤ ᠭᠠᠩ ᠬᠠᠭᠰᠠᠷᠭᠠᠨ ᠲᠠᠢ ᠵᠢᠯ ᠨᠠᠪᠴᠢᠯᠠᠵᠤ ᠨᠠᠬᠢᠶᠠᠯᠠᠬᠤ ᠪᠠᠨ ᠶᠡᠷᠤ ᠵᠤᠭᠰᠤᠭᠰᠠᠨ ᠦᠭᠡᠢ ᠴᠠᠭᠯᠠᠰᠢ ᠦᠭᠡᠢ ᠠᠮᠢᠵᠢᠷᠠᠯ ᠤᠨ ᠬᠦᠴᠦᠨ ᠲᠠᠢ᠂ ᠨᠤᠲᠤᠭ ᠤᠰᠤᠨ ᠳᠤ ᠪᠠᠨ ᠰᠦᠷ ᠵᠢᠪᠬᠤᠭ᠎ᠠ ᠨᠡᠮᠡᠷᠢᠯᠡᠭᠰᠡᠭᠡᠷ ᠤᠳᠤ ᠪᠤᠯᠳᠠᠯ᠎ᠠ ᠰᠦᠭᠯᠦᠶᠢᠨ ᠤᠷᠭᠤᠭᠰᠠᠭᠠᠷ᠃ ᠨᠡᠩ ᠭᠠᠶᠢᠬᠠᠭᠤᠰᠢᠳᠠᠢ ᠨᠢ ᠭᠡᠪᠡᠯ ᠲᠤᠰ ᠮᠤᠳᠤ ᠨᠢ ᠠᠯᠢ ᠡᠷᠳᠡ ᠮᠠᠨᠵᠤ ᠴᠢᠩ ᠤᠯᠤᠰ ᠤᠨ ᠦᠶ᠎ᠡ ᠳᠤ ᠬᠦᠪ ᠤᠨ ᠲᠠᠯ᠎ᠠ ᠳᠤ ᠰᠠᠭᠤᠵᠤ ᠪᠠᠶᠢᠭᠰᠠᠨ ᠪᠡᠶᠢᠯᠡ ᠨᠤᠶᠠᠨ ᠲᠤᠰ ᠬᠤᠸᠠ ᠶᠢᠨ ᠤᠷᠤᠢ ᠳᠤ ᠤᠪᠤᠭ᠎ᠠ ᠪᠤᠰᠬᠠᠬᠤ ᠳᠤ ᠤᠪᠤᠭᠠᠨ ᠴᠢᠯᠠᠭᠤᠨ ᠤ ᠲᠤᠳᠤᠷ᠎ᠠ ᠠᠴᠠ ᠤᠷᠭᠤᠵᠤ ᠭᠠᠷᠤᠭᠰᠠᠨ ᠳᠤ ᠨᠢ ᠪᠠᠶᠢᠭ᠎ᠠ ᠶᠤᠮ᠃      ᠬᠦᠢᠰᠤ ᠶᠢᠨ ᠮᠤᠳᠤ      ᠬᠦᠪ ᠤᠨ ᠲᠠᠯ᠎ᠠ ᠶᠢᠨ ᠲᠤᠮᠳᠠ ᠵᠡᠭᠦᠨ ᠬᠦᠪᠡᠭᠡ ᠠᠶᠠᠳᠠᠭᠤ ᠵᠢᠷᠠ ᠠᠴᠠ ᠲᠠᠯᠠᠨ ᠮᠤ᠋ ᠶᠢᠨ ᠬᠡᠪᠴᠢᠶᠡᠨ ᠳᠤ ᠪᠠᠭᠰᠢᠷᠠᠨ ᠤᠷᠭᠤᠭᠰᠠᠨ ᠠᠪᠤᠷᠭᠤ ᠬᠠᠶᠢᠯᠠᠰᠤᠨ ᠰᠢᠭᠤᠢ ᠶᠢ ᠬᠦᠢᠰᠤ ᠶᠢᠨ ᠮᠤᠳᠤ ᠭᠡᠵᠤ ᠨᠡᠷᠡᠯᠡᠳᠡᠭ᠃ ᠡᠨᠡ ᠬᠦ ᠬᠦᠰᠤ ᠶᠢᠨ ᠮᠤᠳᠤ ᠢᠭᠴᠤ ᠰᠠᠬᠤᠯᠠᠭ ᠮᠦᠷᠲᠡᠭᠡᠨ ᠮᠤᠳᠤ ᠪᠦᠷᠢ ᠨᠢ ᠪᠠᠷᠤᠭ ᠲᠡᠪᠡᠷᠢ ᠠᠴᠠ ᠲᠡᠭᠡᠭᠰᠢ ᠪᠦᠳᠦᠭᠦᠨ ᠪᠦᠭᠡᠳ ᠰᠠᠯᠠᠭ᠎ᠠ ᠨᠠᠮᠠᠭ᠎ᠠ ᠳᠤᠨᠢ ᠵᠦᠢᠯ ᠤᠨ ᠰᠢᠪᠠᠭᠤᠳ ᠡᠭᠦᠷᠯᠡᠵᠤ ᠰᠦᠷᠯᠢᠭ ᠰᠠᠶᠢᠬᠠᠨ ᠬᠠᠷᠠᠭᠳᠠᠳᠠᠭ ᠶᠤᠮ᠃      ᠠᠷᠤ ᠬᠤᠷᠴᠢᠨ ᠤ ᠲᠤᠯᠤᠳᠤᠭᠠᠷ ᠦᠶ᠎ᠡ ᠶᠢᠨ ᠵᠠᠰᠠᠭ ᠪᠡᠶᠢᠯᠡ ᠲᠠᠭᠳᠠᠨᠸᠠᠩᠴᠤᠭ ᠨᠤᠶᠠᠨ ᠨᠢᠭᠡ ᠮᠢᠩᠭ᠎ᠠ ᠲᠤᠯᠤᠭᠠᠨ ᠵᠠᠭᠤ ᠲᠠᠯᠠᠭᠠᠳ ᠤᠨ ᠤ ᠦᠶ᠎ᠡ ᠪᠠᠷ ᠠᠷᠤ ᠬᠤᠷᠴᠢᠨ ᠤ ᠶᠡᠭᠡ ᠬᠠᠨ ᠬᠠᠶᠢᠷᠬᠠᠨ ︵ᠭᠤᠭᠤᠰᠤᠳᠠᠢ ᠬᠠᠨ ᠠᠭᠤᠯᠠ︶ ᠶᠢ ᠲᠠᠬᠢᠬᠤ ᠪᠠᠷ ᠨᠤᠶᠠᠨ ᠰᠦᠮ᠎ᠡ ᠶᠢᠨ ᠵᠡᠭᠦᠨ ᠳᠤ ᠪᠠᠶᠢᠭ᠎ᠠ ᠨᠤᠶᠠᠨ ᠤ ᠤᠷᠳᠤᠨ ᠠᠴᠠ ᠪᠠᠨ ᠮᠤᠩᠭᠤᠯ ᠭᠡᠷ᠂ ᠴᠡᠴᠡᠷ ᠮᠠᠶᠢᠬᠠᠨ ᠢᠶᠠᠨ ᠲᠡᠭᠡᠭᠡᠵᠤ᠂ ᠰᠠᠶᠢᠳ ᠲᠦᠰᠢᠮᠡᠳ ᠢᠶᠠᠨ ᠲᠠᠭᠠᠭᠤᠯᠤᠨ ᠠᠶᠠᠯᠠᠨ ᠮᠤᠷᠳᠠᠬᠤ ᠳᠠᠭᠠᠨ ᠬᠦᠢᠰᠤ ᠶᠢᠨ ᠮᠤᠳᠤᠨ ᠳᠤ ᠦᠳᠡ ᠶᠢᠨ ᠪᠠᠭᠤᠴᠠ ᠪᠠᠭᠤᠵᠤ᠂ ᠬᠠᠭᠠᠨ ᠰᠦᠮ᠎ᠡ ᠳᠤ ᠬᠤᠨᠤᠭᠯᠠᠳᠠᠭ ᠭᠡᠨ᠎ᠡ᠃ ᠡᠭᠦᠪᠡᠷ ᠦᠵᠡᠬᠦ ᠳᠤ ᠬᠦᠢᠰᠤ ᠶᠢᠨ ᠮᠤᠳᠤ ᠨᠢ ᠭᠤᠷᠪᠠᠨ ᠵᠠᠭᠤᠭᠠᠳ ᠤᠨ ᠤ ᠲᠡᠤᠬᠡ ᠲᠠᠢ  ᠬᠠᠶᠢᠯᠠᠰᠤᠨ ᠰᠢᠭᠤᠢ ᠶᠤᠮ᠃      ᠬᠦᠪ ᠤᠨ ᠮᠠᠯᠴᠢᠳ ᠲᠤᠰ ᠮᠤᠳᠤ ᠪᠠᠨ ᠪᠠᠶᠢᠭᠠᠯᠢ ᠶᠢᠨ ᠰᠢᠳᠦᠭᠡᠨ ᠮᠤᠳᠤ ᠪᠠᠷ ᠦᠵᠡᠵᠤ᠂ ᠬᠠᠶᠢᠷᠠᠯᠠᠵᠤ ᠬᠠᠮᠠᠭᠠᠯᠠᠵᠤ ᠢᠷᠡᠭᠰᠡᠨ ᠪᠦᠭᠡᠳ ᠬᠠᠭᠤᠷᠠᠢ ᠰᠠᠯᠠᠭ᠎ᠠ ᠴᠦᠪᠦᠳᠡᠯ ᠢ ᠨᠢ ᠴᠦ ᠬᠦᠳᠡᠯᠭᠡᠳᠡᠭ ᠦᠭᠡᠢ ᠬᠠᠳᠠᠭᠤ ᠴᠡᠭᠡᠷ  ᠲᠠᠢ ᠪᠠᠶᠢᠳᠠᠭ ᠶᠤᠮ᠃ ᠲᠡᠭᠡᠷ᠎ᠡ ᠵᠠᠭᠤᠨ ᠤ ᠵᠢᠷᠠᠭᠠᠳ ᠤᠨ ᠤ ᠦᠢᠮᠡᠭᠡᠨ ᠲᠡᠪᠵᠢᠶᠡᠨ ᠲᠠᠢ ᠤᠨ ᠵᠢᠯ ᠤᠳ ᠲᠤ ᠵᠠᠷᠢᠮ ᠶᠤᠰᠤ ᠲᠦᠷᠢᠮ ᠦᠭᠡᠢ ᠬᠦᠮᠤᠰ ᠲᠤᠰ ᠬᠠᠶᠢᠯᠠᠰᠤᠨ ᠤᠢ ᠶᠢᠨ ᠵᠠᠬ᠎ᠠ ᠵᠤᠬ᠎ᠠ ᠠᠴᠠ ᠨᠢ ᠪᠠᠭ᠎ᠠ ᠰᠠᠭ᠎ᠠ ᠤᠭᠳᠤᠯᠤᠭᠰᠠᠨ ᠪᠤᠯᠪᠠᠴᠤ ᠬᠦᠪ ᠤᠨ ᠮᠠᠯᠴᠢᠳ ᠤᠨ ᠬᠠᠮᠠᠭᠠᠯᠠᠯᠳᠠ ᠲᠤᠤᠷ᠎ᠠ ᠶᠡᠬᠡᠩᠭᠢ ᠬᠡᠰᠡᠭ ᠨᠢ ᠡᠷᠡᠭᠦᠯ ᠢᠶᠠᠷ ᠦᠯᠡᠳᠡᠵᠤ ᠤᠤᠯ ᠤᠨ ᠶᠠᠩᠵᠤ ᠪᠠᠷ ᠢᠶᠠᠨ ᠴᠡᠯᠭᠡᠷᠡᠨ ᠨᠤᠭᠤᠭᠠᠷᠠᠵᠤ ᠪᠠᠶᠢᠬᠤ ᠪᠦᠭᠡᠳ ᠠᠳᠡᠬᠢ ᠮᠠᠯᠴᠢᠳ ᠵᠢᠯ ᠪᠤᠯᠭᠠᠨ ᠤ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠨ ᠭᠤᠷᠪᠠᠨ ᠤ ᠡᠳᠤᠷ᠂ ᠲᠤᠰ ᠬᠠᠶᠢᠯᠠᠰᠤᠨ ᠰᠢᠭᠤᠢ  ᠶᠢᠨ ᠵᠡᠭᠦᠨ ᠡᠮᠤᠨ᠎ᠡ ᠪᠠᠶᠢᠭ᠎ᠠ ᠬᠦᠪ ᠤᠨ ᠤᠪᠤᠭ᠎ᠠ ᠪᠠᠨ ᠰᠢᠳᠤᠨ ᠲᠠᠬᠢᠵᠤ᠂ ᠴᠢᠯᠠᠭᠤ ᠨᠡᠮᠡᠨ ᠯᠠᠪᠳᠠᠭᠤᠯ ᠮᠤᠳᠤ ᠶᠢ  ᠨᠢ ᠰᠢᠨᠡᠳᠬᠡᠨ᠂ ᠯᠠᠮᠠ ᠵᠠᠯᠠᠵᠤ ᠤᠪᠤᠭᠠᠨ ᠰᠠᠩ ᠤᠩᠰᠢᠭᠤᠯᠤᠨ᠂ ᠲᠠᠬᠢᠯᠭ᠎ᠠ ᠡᠷᠭᠦᠴᠡ ᠪᠠᠨ ᠡᠷᠭᠦᠵᠤ ᠲᠠᠯᠠᠯᠭ᠎ᠠ ᠠᠪᠴᠤ᠂ ᠠᠭᠤᠯᠠᠨ ᠠᠴᠠ ᠪᠠᠨ ᠪᠠᠭᠤᠵᠤ ᠢᠷᠡᠭᠡᠳ ᠲᠤᠰ ᠮᠤᠳᠤᠨ ᠤ ᠪᠠᠨ ᠰᠡᠭᠦᠳᠡᠷ ᠲᠤ ᠤᠪᠤᠭᠠᠨ ᠨᠠᠶᠢᠷ ᠬᠢᠵᠤ ᠡᠷ᠎ᠡ ᠶᠢᠨ ᠭᠤᠷᠪᠠᠨ ᠨᠠᠭᠠᠳᠤᠮ ᠢᠶᠠᠨ ᠦᠷᠭᠦᠯᠵᠢᠯᠡᠭᠦᠯᠳᠡᠭ᠃      ᠡᠷᠳᠡᠨ ᠠᠴᠠ ᠦᠯᠡᠳᠡᠭᠳᠡᠵᠤ ᠢᠷᠡᠭᠰᠡᠨ ᠤᠳᠠᠭᠠᠨ ᠤᠨ ᠤ ᠲᠡᠤᠬᠡ ᠲᠠᠢ ᠬᠦᠢᠰᠤ ᠶᠢᠨ ᠮᠤᠳᠤ ᠪᠠᠨ ᠡᠳᠤᠭᠡ ᠪᠢᠳᠡ ᠬᠠᠶᠢᠷᠠᠯᠠᠵᠤ ᠬᠠᠮᠠᠭᠠᠯᠠᠬᠤ ᠡᠭᠦᠷᠭᠡ ᠬᠠᠷᠢᠭᠤᠴᠠᠯᠭ᠎ᠠ ᠲᠠᠢ ᠶᠤᠮ᠃      ᠬᠦᠪ ᠲᠤᠭᠤᠶᠢᠯᠠᠩ ᠤᠨ ᠬᠠᠮᠳᠤ ᠨᠡᠶᠢᠳᠡ ᠶᠢᠨ ᠮᠤᠳᠤ      ᠬᠦᠪ ᠤᠨ ᠲᠠᠯ᠎ᠠ ᠶᠢᠨ ᠬᠤᠶᠢᠳᠤ ᠬᠦᠪᠡᠭᠡ ᠳᠤ ᠮᠠᠩᠬ᠎ᠠ ᠶᠢ ᠬᠠᠰᠢᠵᠤ ᠵᠡᠭᠦᠨ ᠠᠴᠠ ᠪᠠᠷᠠᠭᠤᠨᠰᠢ ᠪᠠᠨ ᠦᠷᠬᠦᠯᠵᠢᠯᠡᠭᠰᠡᠨ ᠬᠤᠶᠠᠷ ᠵᠠᠭᠤ ᠢᠯᠡᠭᠦᠤ ᠮᠤ᠋ ᠭᠠᠵᠠᠷ ᠲᠤ᠂ ᠨᠢᠭᠡ ᠮᠢᠩᠭ᠎ᠠ ᠶᠢᠰᠦᠨ ᠵᠠᠭᠤ ᠵᠢᠷᠠᠭᠠᠳ ᠤᠨ ᠠᠴᠠ ᠡᠬᠢᠯᠡᠵᠤ ᠬᠦᠪ ᠤᠨ ᠮᠠᠯᠴᠢᠳ ᠨᠡᠶᠢᠳᠡ ᠪᠠᠷ ᠬᠦᠳᠡᠯᠤᠯᠴᠡᠨ ᠮᠤᠳᠤ ᠲᠠᠷᠢᠭᠠᠳ᠂ ᠬᠦᠪ ᠲᠤᠭᠤᠶᠢᠯᠠᠩ ᠤᠨ ᠪᠠᠳᠤ ᠨᠠᠰᠤᠳᠠᠨ ᠬᠤᠷᠢᠭᠠᠳ ᠵᠢᠯ ᠡᠳᠤᠷ ᠰᠦᠨᠢ ᠢᠯᠭᠠᠯ ᠦᠭᠡᠢ᠂ ᠡᠪᠤᠯ ᠵᠤᠨ ᠢ ᠬᠠᠶᠢᠬᠤᠷᠤᠯ ᠦᠭᠡᠢ ᠠᠷᠠᠴᠢᠯᠠᠨ ᠲᠤᠳᠤᠮᠳᠠᠵᠤ᠂ ᠬᠦᠷᠢᠶ᠎ᠡ ᠲᠠᠳᠠᠨ ᠪᠢᠳᠡᠭᠦᠮᠵᠢᠯᠡᠭᠡᠳ ᠬᠦᠮᠤᠨ ᠮᠠᠯ ᠤᠨ ᠬᠦᠯ ᠢ ᠬᠤᠷᠢᠵᠤ᠂ ᠰᠠᠯᠠᠭ᠎ᠠ ᠨᠠᠮᠠᠭ᠎ᠠ ᠶᠢ ᠨᠢ ᠵᠠᠰᠠᠵᠤ᠂ ᠪᠤᠵᠠᠷ ᠪᠤᠷᠳᠠᠭ ᠢ ᠠᠷᠢᠯᠭᠠᠵᠤ ᠰᠠᠶᠢᠳᠤᠷ ᠬᠠᠮᠠᠭᠠᠯᠠᠭᠰᠠᠨ ᠤ ᠰᠠᠶᠢᠨ ᠢᠶᠠᠷ ᠲᠡᠭᠡᠷ᠎ᠡ ᠵᠠᠭᠤᠨ ᠤ ᠨᠠᠶᠠᠭᠠᠳ ᠤᠨ ᠪᠤᠯᠬᠤ ᠳᠤ ᠬᠡᠷᠡᠭᠰᠡᠯ ᠳᠤ ᠤᠷᠤᠵᠤ᠂ ᠬᠦᠪ ᠲᠤᠭᠤᠶᠢᠯᠠᠩ ᠤᠨ ᠵᠠᠭᠤ ᠰᠢᠬᠠᠮ ᠡᠷᠤᠭᠡ ᠶᠢᠨ ᠡᠷᠦᠭᠡ ᠪᠦᠷᠢ ᠳᠤ ᠲᠦᠷᠪᠡᠨ ᠢᠮᠠᠬᠤ ᠠᠴᠠ ᠲᠡᠭᠡᠭᠰᠢ ᠬᠤᠷᠢᠨ ᠨᠢᠭᠡᠨ ᠨᠢᠷᠤᠭᠤ ᠬᠤᠪᠢᠶᠠᠨ ᠦᠭᠴᠤ᠂ ᠦᠯᠡᠳᠡᠭᠰᠡᠨ ᠢ ᠨᠢ ᠨᠡᠶᠢᠳᠡ ᠶᠢᠨ ᠬᠤᠷᠠᠮᠳᠤᠯ ᠳᠤ ᠬᠡᠷᠡᠭᠯᠡᠪᠡ᠃      ᠡᠭᠦᠨ ᠤ ᠲᠠᠷᠠᠭ᠎ᠠ ᠲᠤᠰ ᠲᠠᠷᠢᠮᠠᠯ ᠤᠢ ᠶᠢᠨ ᠤᠭ ᠠᠴᠠ ᠲᠠᠬᠢᠨ ᠤᠷᠭᠤᠭᠰᠠᠨ ᠮᠤᠳᠤᠳ ᠨᠢ ᠡᠯᠡᠰᠤ ᠮᠠᠩᠬ᠎ᠠ  ᠶᠢ ᠬᠠᠯᠬᠠᠯᠠᠨ᠂ ᠬᠦᠪ ᠤᠨ ᠲᠠᠯ᠎ᠠ ᠶᠢᠨ ᠬᠠᠯᠬᠠᠪᠴᠢ ᠤᠢ ᠪᠤᠯᠵᠤ᠂ ᠵᠤᠨ ᠳᠠᠭᠠᠨ ᠴᠡᠯᠭᠡᠷᠡᠨ ᠨᠤᠭᠤᠭᠠᠷᠠᠵᠤ ᠨᠤᠲᠤᠭ  ᠤᠨ ᠢᠶᠠᠨ ᠴᠢᠮᠡᠭ ᠪᠤᠯᠵᠤ᠂ ᠡᠪᠤᠯ ᠳᠡᠭᠡᠨ ᠮᠠᠯ ᠤᠨᠤᠭ᠎ᠠ ᠶᠢᠨ ᠨᠦᠮᠦᠷᠢ ᠪᠤᠯᠵᠤ ᠪᠠᠶᠢᠳᠠᠭ ᠶᠤᠮ᠃      ᠵᠤᠬᠢᠶᠠᠭᠴᠢ᠄ ᠪᠤᠷᠵᠢᠭᠢᠨ ᠰᠠᠮᠪᠠᠯ ︵ᠠᠷᠤ ᠬᠤᠷᠴᠢᠨ ᠬᠤᠰᠢᠭᠤᠨ ᠤ ᠴᠢᠪᠠᠭ᠎ᠠ ᠪᠠᠯᠭᠠᠰᠤᠨ ᠤ ᠠᠵᠢᠯ ᠠᠴᠠ  ᠪᠠᠨ ᠠᠮᠠᠷᠠᠭᠰᠠᠨ ᠺᠠᠳ᠋ᠷ᠂ ᠠᠷᠤ ᠬᠤᠷᠴᠢᠨ ᠬᠤᠰᠢᠭᠤᠨ ᠤ ᠪᠤᠳᠠᠰ ᠤᠨ ᠪᠤᠰᠤ ᠰᠤᠶᠤᠯ ᠤᠨ ᠦᠪ ᠤᠨ ᠮᠤᠷᠢᠨ ᠡᠮᠡᠭᠡᠯ ᠤᠨ ᠤᠯᠠᠮᠵᠢᠯᠠᠭᠴᠢ︶
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号