ᠨᠢᠭᠡ᠂ ᠦᠬᠡᠷ ᠤᠨ ᠳᠠᠩ ᠵᠢᠰᠦᠮ ᠳᠤ ᠣᠯᠠᠭᠠᠨ᠂ ᠬᠠᠷ᠎ᠠ᠂ ᠬᠦᠷᠡᠩ᠂ ᠬᠤᠸᠠ᠂ ᠴᠠᠭᠠᠨ᠂ ᠲᠡᠷᠯᠡᠨ᠂ | ᠠᠯᠠᠭ᠂ ᠪᠤᠭᠤᠷᠤᠯ᠂ ᠬᠠᠯᠢᠭᠤᠨ᠂ ᠴᠠᠶᠢᠪᠤᠷ᠂ ᠬᠦᠬᠡ ᠁ ᠵᠢᠰᠦᠮ ᠪᠤᠢ᠃ ᠳᠠᠪᠬᠤᠷ ᠵᠢᠰᠦᠮ ᠳᠤ ᠠᠳᠠᠯᠢ ᠪᠤᠰᠤ | ᠬᠤᠶᠠᠷ ᠦᠩᠭᠡ ᠬᠤᠯᠢᠯᠳᠤᠭᠰᠠᠨ ᠵᠢᠰᠦᠮ ᠲᠠᠢ ᠮᠠᠯ ᠢ ᠬᠡᠯᠡᠨ᠎ᠡ᠃ ᠵᠢᠱᠢᠶᠡᠯᠡᠪᠡᠯ᠂ ᠬᠦᠮᠦᠰᠭᠡ ᠴᠠᠭᠠᠨ ᠬᠠᠷ᠎ᠠ᠂ | ᠴᠠᠪᠢ ᠴᠠᠭᠠᠨ ᠤᠯᠠᠭᠠᠨ᠂ ᠰᠠᠷ᠎ᠠ ᠲᠠᠢ ᠬᠦᠷᠡᠩ᠂ ᠰᠡᠭᠦᠯ ᠴᠠᠭᠠᠨ ᠬᠤᠸᠠ᠂ ᠬᠠᠷ᠎ᠠ ᠲᠡᠷᠯᠡᠨ᠂ ᠱᠠᠭᠠᠵᠠᠭᠠᠢ ᠠᠯᠠᠭ᠂ | ᠬᠦᠭᠡ ᠴᠠᠶᠢᠪᠤᠷ᠂ ᠡᠷᠢᠶᠡᠨ ᠬᠦᠷᠡᠩ᠂ ᠪᠤᠷᠤ ᠴᠤᠬᠤᠷ ᠵᠡᠷᠭᠡ ᠳᠠᠭᠤᠳᠠᠯᠭ᠎ᠠ ᠵᠢᠰᠦᠮ ᠪᠤᠢ᠃ ᠮᠠᠯ ᠤᠨ ᠤᠨᠴᠠᠯᠢᠭ ᠤᠨ | ᠳᠠᠯ᠎ᠠ ᠶᠢᠨ ᠳᠠᠭᠤᠳᠠᠯᠭ᠎ᠠ ᠳᠤ ᠬᠤᠩᠭᠤ ᠤᠯᠠᠭᠠᠨ᠂ ᠮᠦᠷᠭᠦᠭᠡᠴᠢ ᠬᠠᠷ᠎ᠠ᠂ ᠶᠠᠪᠤᠭᠠᠴᠢ ᠬᠦᠷᠡᠩ᠂ ᠵᠤᠵᠢᠭ ᠬᠤᠸᠠ᠂ | ᠳᠤᠭᠤᠯᠠᠩ ᠴᠠᠭᠠᠨ ᠵᠡᠷᠭᠡ ᠤᠯᠠᠨ ᠳᠠᠭᠤᠳᠠᠯᠭ᠎ᠠ ᠪᠤᠢ᠃ ᠳᠤᠳᠤᠷᠬᠠᠶᠢᠯᠠᠬᠤ ᠨᠢ ᠳᠠᠩ ᠵᠢᠰᠦᠮ ᠲᠠᠢ ᠮᠠᠯ ᠤᠨ ᠪᠦᠬᠦ | ᠪᠡᠶ᠎ᠡ ᠶᠢᠨ ᠬᠠᠭᠠᠰ ᠤᠷᠴᠢᠮ ᠴᠠᠭᠠᠨ ᠦᠰᠦ ᠲᠠᠢ ᠮᠠᠯ ᠢ ᠠᠯᠠᠭ ᠮᠠᠯ ᠭᠡᠨ᠎ᠡ᠂ ᠳᠠᠩ ᠵᠢᠰᠦᠮ ᠳᠡᠭᠡᠷ᠎ᠡ ᠵᠢᠵᠢᠭ ᠲᠤᠯᠪᠤ | ᠴᠠᠭᠠᠨ ᠦᠰᠦ ᠲᠠᠢ ᠮᠠᠯ ᠢ ᠴᠤᠬᠤᠷ ᠪᠤᠶᠤ ᠲᠡᠷᠯᠡᠨ ᠵᠢᠰᠦᠮ ᠤᠨ ᠮᠠᠯ ᠭᠡᠵᠦ ᠬᠡᠯᠡᠨ᠎ᠡ᠃ ᠬᠠᠷ᠎ᠠ ᠵᠢᠰᠦᠮ ᠳᠡᠭᠡᠷ᠎ᠡ | ᠠᠮᠠ ᠬᠤᠩᠰᠢᠶᠠᠷ᠂ ᠡᠪᠡᠷ ᠤᠨ ᠤᠭ᠂ ᠵᠤ ᠨᠢᠷᠤᠭᠤ ᠪᠠᠨ ᠳᠠᠭᠠᠭᠠᠳ ᠴᠠᠭᠠᠪᠳᠤᠷ ᠤᠯᠠᠭᠠᠨ ᠦᠰᠦ ᠲᠠᠢ ᠮᠠᠯ ᠢ | ᠬᠠᠯᠢᠭᠤᠨ ᠮᠠᠯ ᠭᠡᠵᠦ ᠬᠡᠯᠡᠨ᠎ᠡ᠃ ᠤᠯᠠᠭᠠᠨ᠂ ᠴᠠᠭᠠᠨ᠂ ᠦᠰᠦ ᠬᠤᠯᠢᠯᠳᠤᠭᠰᠠᠨ ᠵᠢᠰᠦᠮ ᠤᠨ ᠮᠠᠯ ᠢ ᠪᠤᠷᠤᠭᠤᠯ ᠮᠠᠯ | ᠭᠡᠵᠦ ᠬᠡᠯᠡᠨ᠎ᠡ᠃ ᠬᠤᠨᠳᠠᠨ ᠰᠢᠷᠭᠠᠯ ᠦᠰᠦ ᠲᠠᠢ ᠮᠠᠯ ᠢ ᠴᠠᠶᠢᠪᠤᠷ ᠵᠢᠰᠦᠮ ᠤᠨ ᠮᠠᠯ ᠭᠡᠵᠦ ᠬᠡᠯᠡᠨ᠎ᠡ᠃ | ᠬᠤᠶᠠᠷ᠂ ᠠᠳᠤᠭᠤᠨ ᠤ ᠳᠠᠩ ᠵᠢᠰᠦᠮ᠃ ᠡᠭᠦᠨ ᠳᠤ ᠬᠠᠷ᠎ᠠ᠂ ᠬᠡᠭᠡᠷ᠎ᠡ᠂ ᠵᠡᠭᠡᠷᠳᠡ᠂ ᠰᠠᠭᠠᠷᠠᠯ᠂ ᠪᠤᠷᠤ᠂ | ᠬᠤᠸᠠ᠂ ᠬᠤᠯᠠ᠂ ᠴᠠᠶᠢᠪᠳᠤᠷ᠂ ᠰᠢᠷᠭ᠎ᠠ᠂ ᠪᠤᠭᠤᠷᠤᠯ᠂ ᠠᠯᠠᠭ᠂ ᠬᠠᠯᠳᠠᠷ᠂ ᠬᠠᠯᠢᠭᠤᠨ᠂ ᠴᠤᠬᠤᠷ᠂ ᠵᠢᠪᠠ ᠶᠢᠨ | ᠤᠯᠠᠭᠠᠨ ᠵᠡᠷᠭᠡ ᠵᠢᠰᠦᠮ ᠪᠤᠢ᠃ | ᠬᠡᠭᠡᠷ ᠵᠢᠰᠦᠮ᠄ ᠬᠠᠷ᠎ᠠ᠂ ᠤᠯᠠᠭᠠᠨ᠂ ᠪᠤᠷᠤ ᠦᠰᠦ ᠬᠤᠯᠢᠯᠳᠤᠭᠰᠠᠨ ᠵᠢᠰᠦᠮ ᠢ ᠬᠡᠭᠡᠷ ᠮᠤᠷᠢ ᠭᠡᠨ᠎ᠡ᠃ | ᠬᠡᠭᠡᠷ᠎ᠡ ᠮᠤᠷᠢ ᠶᠢᠨ ᠭᠤᠷᠪᠠᠨ ᠵᠢᠰᠦᠮ᠄ ᠬᠠᠷᠠᠪᠳᠤᠷ ᠤᠯᠠᠭᠠᠨ ᠦᠰᠦ ᠲᠠᠢ ᠮᠤᠷᠢ ᠶᠢ ᠬᠠᠷ᠎ᠠ ᠬᠡᠭᠡᠷ ᠮᠤᠷᠢ ᠭᠡᠨ᠎ᠡ᠃ | ᠰᠢᠷᠠᠪᠳᠤᠷ ᠭᠡᠶᠢᠪᠦᠷ ᠤᠯᠠᠭᠠᠨ ᠦᠰᠦ ᠲᠠᠢ ᠮᠤᠷᠢ ᠶᠢ ᠰᠢᠷ᠎ᠡ ᠬᠡᠭᠡᠷ ᠮᠤᠷᠢ ᠭᠡᠨ᠎ᠡ᠃ ᠤᠯᠠᠪᠳᠤᠷ ᠪᠤᠷᠤ ᠦᠰᠦ ᠲᠠᠢ | ᠮᠤᠷᠢ ᠶᠢ ᠤᠯᠠᠭᠠᠨ ᠬᠡᠭᠡᠷ ᠮᠤᠷᠢ ᠭᠡᠨ᠎ᠡ᠃ | ᠵᠡᠭᠡᠷᠳᠡ ᠵᠢᠰᠦᠮ᠄ ᠴᠢᠰᠤᠨ ᠤᠯᠠᠭᠠᠨ ᠦᠩᠭᠡ ᠶᠢᠨ ᠵᠢᠰᠦᠮ ᠢ ᠵᠡᠭᠡᠷᠳᠡ ᠮᠤᠷᠢ ᠭᠡᠨ᠎ᠡ᠃ ᠵᠡᠭᠡᠷᠳᠡ ᠮᠤᠷᠢᠨ | ᠤ ᠭᠤᠷᠪᠠᠨ ᠵᠢᠰᠦᠮ᠄ ᠴᠢᠰᠣᠨ ᠤᠯᠠᠭᠠᠨ ᠦᠩᠭᠡ ᠶᠢᠨ ᠦᠰᠦ ᠲᠠᠢ ᠮᠤᠷᠢ ᠶᠢ ᠴᠢᠪᠠᠭᠠᠨ ᠤᠯᠠᠭᠠᠨ ᠵᠡᠭᠡᠷᠳᠡ ᠮᠤᠷᠢ | ᠭᠡᠨ᠎ᠡ᠃ ᠠᠭᠰᠢᠭᠤᠨ ᠬᠦᠷᠡᠩ ᠤᠯᠠᠭᠠᠨ ᠦᠰᠦ ᠲᠠᠢ ᠮᠤᠷᠢ ᠶᠢ ᠬᠦᠷᠡᠩ ᠵᠡᠭᠡᠷᠳᠡ ᠮᠤᠷᠢ ᠭᠡᠨ᠎ᠡ᠃ ᠳᠡᠯ᠂ ᠰᠡᠭᠦᠯ᠂ | ᠠᠮᠠ ᠬᠤᠩᠰᠢᠶᠠᠷ᠂ ᠴᠠᠪᠢ ᠰᠤᠭᠤ᠂ ᠰᠢᠭᠢᠷ᠎ᠡ ᠳᠠᠭᠠᠤ ᠴᠠᠭᠠᠪᠳᠤᠷ ᠦᠰᠦ ᠲᠠᠢ ᠮᠤᠷᠢ ᠶᠢ ᠴᠠᠶᠢᠪᠳᠤᠷ ᠵᠡᠭᠡᠷᠳᠡ | ᠮᠤᠷᠢ ᠭᠡᠵᠦ ᠬᠡᠯᠡᠨ᠎ᠡ᠃ | ᠬᠠᠷ᠎ᠠ ᠵᠢᠰᠦᠮ᠄ ᠭᠠᠭᠴᠠ ᠵᠢᠰᠦᠮ ᠲᠠᠢ᠂ ᠬᠤᠯᠢᠮᠠᠭ ᠦᠭᠡᠢ ᠦᠭᠡᠳᠡᠩ ᠬᠠᠷ᠎ᠠ ᠦᠰᠦ ᠲᠠᠢ ᠮᠤᠷᠢ ᠶᠢ ᠬᠠᠷ᠎ᠠ | ᠮᠤᠷᠢ ᠭᠡᠨ᠎ᠡ᠃ | ᠬᠤᠸᠠ ᠵᠢᠰᠦᠮ᠄ ᠴᠠᠭᠠᠪᠳᠤᠷ ᠤᠯᠠᠭᠠᠨ ᠦᠰᠦ ᠬᠤᠯᠢᠯᠳᠤᠭᠰᠠᠨ ᠵᠢᠰᠦᠮ ᠢ ᠬᠤᠸᠠ ᠮᠤᠷᠢ ᠭᠡᠨ᠎ᠡ᠃ | ᠴᠠᠭᠠᠪᠳᠤᠷ ᠬᠤᠨᠳᠠᠨ ᠶᠠᠭᠠᠨ ᠦᠩᠭᠡ ᠶᠢᠨ ᠦᠰᠦ ᠲᠠᠢ ᠮᠤᠷᠢ ᠶᠢ ᠤᠶᠢᠰᠤ ᠶᠢᠨ ᠬᠤᠸᠠ ᠮᠤᠷᠢ ᠭᠡᠨ᠎ᠡ᠃ ᠴᠠᠶᠢᠪᠤᠷ | ᠰᠢᠩᠭᠡᠨ ᠴᠠᠭᠠᠨ ᠦᠰᠦ ᠲᠠᠢ ᠮᠤᠷᠢ ᠶᠢ ᠤᠭᠤᠨᠤ ᠶᠢᠨ ᠬᠤᠸᠠ ᠮᠤᠷᠢ ᠭᠡᠨ᠎ᠡ᠃ ᠬᠤᠸᠠ ᠵᠢᠰᠦᠮ ᠳᠡᠭᠡᠷ᠎ᠡ | ᠬᠤᠩᠰᠢᠶᠠᠷ ᠠᠮᠠ᠂ ᠴᠠᠪᠢ ᠰᠤᠭᠤ᠂ ᠭᠡᠳᠡᠰᠦ᠂ ᠳᠡᠯ ᠰᠡᠭᠦᠯ ᠨᠢ ᠴᠠᠭᠠᠪᠳᠤᠷ ᠦᠰᠦ ᠲᠠᠢ ᠮᠤᠷᠢ ᠶᠢ ᠴᠠᠭᠠᠨ ᠬᠤᠸᠠ | ᠮᠤᠷᠢ ᠭᠡᠵᠦ ᠬᠡᠯᠡᠨ᠎ᠡ᠃ | ᠰᠠᠭᠠᠷᠠᠯ ᠵᠢᠰᠦᠮ᠄ ᠴᠠᠭᠠᠨ ᠦᠰᠦ ᠲᠠᠢ ᠮᠤᠷᠢ ᠶᠢ ᠰᠠᠭᠠᠷᠠᠯ ᠮᠤᠷᠢ ᠭᠡᠨ᠎ᠡ᠃ ᠰᠠᠭᠠᠷᠠᠯ ᠮᠤᠷᠢᠨ ᠤ ᠵᠢᠷᠭᠤᠭᠠᠨ | ᠵᠢᠰᠦᠮ᠄ ᠳᠡᠯ᠂ ᠰᠡᠭᠦᠯ᠂ ᠨᠢᠳᠤᠨ ᠰᠤᠷᠮᠤᠤᠰᠤ ᠶᠢᠨ ᠦᠰᠦ ᠬᠦᠷᠳᠡᠯ᠎ᠡ ᠪᠦᠬᠦᠯᠢ ᠴᠠᠭᠠᠨ ᠦᠰᠦ ᠲᠠᠢ ᠮᠤᠷᠢ ᠶᠢ | ᠴᠠᠭᠠᠨ ᠰᠠᠭᠠᠷᠠᠯ ᠮᠤᠷᠢ ᠭᠡᠨ᠎ᠡ᠃ ᠳᠡᠯ᠂ ᠰᠡᠭᠦᠯ ᠤᠨ ᠭᠤᠤᠯ ᠨᠢ ᠬᠦᠬᠡᠪᠳᠦᠷ᠂ ᠨᠢᠳᠦᠨ ᠰᠤᠷᠮᠤᠤᠰᠤ ᠶᠢᠨ ᠦᠰᠦ | ᠨᠢ ᠬᠠᠷ᠎ᠠ ᠵᠢᠰᠦᠮ ᠤᠨ ᠮᠤᠷᠢ ᠶᠢ ᠴᠢᠨᠳᠠᠮᠤᠨᠢ ᠶᠢᠨ ᠰᠠᠭᠠᠷᠠᠯ ᠮᠤᠷᠢ ᠭᠡᠨ᠎ᠡ᠃ ᠰᠠᠭᠠᠷᠠᠯ ᠵᠢᠰᠦᠮ ᠤᠨ ᠳᠡᠭᠡᠷ᠎ᠡ | ᠤᠷᠤᠭᠤᠯ ᠬᠤᠩᠰᠢᠶᠠᠷ ᠨᠢ ᠤᠯᠠᠭᠠᠨ᠂ ᠨᠢᠳᠦ ᠨᠢ ᠴᠡᠩᠬᠡᠷ ᠵᠢᠰᠦᠮ ᠲᠠᠢ ᠮᠤᠷᠢ ᠶᠢ ᠴᠠᠯᠪᠢᠩ ᠰᠠᠭᠠᠷᠠᠯ ᠮᠤᠷᠢ ᠭᠡᠵᠦ | ᠬᠡᠯᠡᠨ᠎ᠡ᠃ ᠴᠠᠭᠠᠨ ᠪᠠ ᠬᠠᠷ᠎ᠠ ᠦᠩᠭᠡ ᠶᠢᠨ ᠦᠰᠦ ᠬᠤᠯᠢᠯᠳᠤᠭᠰᠠᠨ ᠬᠠᠷᠠᠩᠭᠤᠪᠳᠤᠷ ᠴᠠᠭᠠᠨ ᠵᠢᠰᠦᠮ ᠲᠠᠢ ᠮᠤᠷᠢ | ᠶᠢ ᠬᠠᠷ᠎ᠠ ᠰᠠᠭᠠᠷᠠᠯ ᠮᠤᠷᠢ ᠭᠡᠵᠦ ᠬᠡᠯᠡᠨ᠎ᠡ᠃ ᠰᠢᠩᠭᠡᠪᠳᠦᠷ ᠴᠠᠭᠠᠨ ᠴᠠᠶᠢᠪᠤᠷ ᠦᠩᠭᠡ ᠶᠢᠨ ᠦᠰᠦ ᠲᠠᠢ ᠮᠤᠷᠢ ᠶᠢ | ᠬᠤᠸᠠ ᠰᠠᠭᠠᠷᠠᠯ ᠮᠤᠷᠢ ᠭᠡᠨ᠎ᠡ᠃ ᠨᠢᠳᠦᠨ ᠤᠬᠤᠷᠬᠠᠢ᠂ ᠳᠡᠯ ᠰᠡᠭᠦᠯ᠂ ᠨᠢᠷᠤᠭᠤ ᠵᠤ ᠪᠠᠨ ᠳᠠᠭᠠᠭᠠᠳ ᠤᠯᠠᠪᠳᠤᠷ | ᠰᠢᠷ᠎ᠠ ᠦᠰᠦ ᠲᠠᠢ ᠮᠤᠷᠢ ᠶᠢ ᠬᠠᠯᠢᠭᠤᠨ ᠰᠠᠭᠠᠷᠠᠯ ᠮᠤᠷᠢ ᠭᠡᠨ᠎ᠡ᠃ | ᠠᠯᠠᠭ ᠵᠢᠰᠦᠮ᠄ ᠳᠠᠩ ᠵᠢᠰᠦᠮ ᠳᠡᠭᠡᠷ᠎ᠡ ᠶᠡᠭᠡ ᠬᠡᠰᠡᠩ ᠤᠨ ᠴᠠᠭᠠᠨ ᠦᠰᠦ ᠲᠠᠢ ᠮᠤᠷᠢ ᠶᠢ ᠠᠯᠠᠭ ᠮᠤᠷᠢ | ᠭᠡᠨ᠎ᠡ᠃ ᠬᠠᠷ᠎ᠠ ᠵᠢᠰᠦᠮ ᠳᠡᠭᠡᠷ᠎ᠡ ᠶᠡᠭᠡ ᠬᠡᠰᠡᠭ ᠴᠠᠭᠠᠨ ᠦᠰᠦ ᠲᠠᠢ ᠮᠤᠷᠢ ᠶᠢ ᠬᠠᠷ᠎ᠠ ᠠᠯᠠᠭ ᠭᠡᠨ᠎ᠡ᠃ ᠡᠨᠡ ᠮᠡᠳᠦ | ᠪᠠᠷ ᠬᠡᠭᠡᠷ ᠠᠯᠠᠭ᠂ ᠬᠤᠯᠠ ᠠᠯᠠᠭ᠂ ᠪᠤᠷᠤ ᠠᠯᠠᠭ ᠵᠡᠷᠭᠡ ᠤᠯᠠᠨ ᠵᠢᠰᠦᠮ ᠤᠨ ᠠᠯᠠᠭ ᠮᠤᠷᠢ ᠪᠠᠶᠢᠨ᠎ᠠ᠃ | ᠪᠤᠷᠤ ᠵᠢᠰᠦᠮ᠄ ᠬᠦᠭᠡ ᠦᠩᠭᠡ ᠶᠢᠨ ᠦᠰᠦ ᠲᠠᠢ ᠮᠤᠷᠢ ᠶᠢ ᠪᠤᠷᠤ ᠮᠤᠷᠢ ᠭᠡᠨ᠎ᠡ᠃ ᠪᠤᠷᠤ ᠮᠤᠷᠢᠨ ᠤ | ᠭᠤᠷᠪᠠᠨ ᠵᠢᠰᠦᠮ᠄ ᠳᠡᠯ ᠰᠡᠭᠦᠯ ᠨᠢ ᠬᠠᠷᠠᠪᠳᠤᠷ ᠭᠦᠨ ᠦᠩᠭᠡ ᠶᠢᠨ ᠬᠦᠬᠡ ᠦᠰᠦ ᠲᠠᠢ ᠮᠤᠷᠢ ᠶᠢ ᠬᠠᠷ᠎ᠠ ᠪᠤᠷᠤ | ᠮᠤᠷᠢ ᠭᠡᠨ᠎ᠡ᠃ ᠳᠡᠯ᠂ ᠰᠡᠭᠦᠯ ᠪᠠ ᠭᠡᠳᠡᠰᠦ ᠴᠠᠪᠢ ᠪᠠᠨ ᠳᠠᠭᠠᠭᠠᠳ ᠪᠦᠬᠦᠯᠢ ᠪᠡᠶ᠎ᠡ ᠬᠡᠶᠢᠪᠡᠷᠬᠡᠨ ᠬᠦᠬᠡ ᠦᠰᠦ ᠲᠠᠢ | ᠮᠤᠷᠢ ᠶᠢ ᠪᠤᠷᠤ ᠮᠤᠷᠢ ᠭᠡᠨ᠎ᠡ᠃ ᠬᠦᠬᠡ ᠵᠢᠰᠦᠮ ᠳᠡᠭᠡᠷ᠎ᠡ ᠳᠡᠯ ᠰᠡᠭᠦᠯ ᠨᠢ ᠴᠠᠭᠠᠪᠳᠤᠷ ᠬᠦᠶᠦᠬᠡᠨ ᠴᠡᠩᠬᠡᠷ ᠦᠰᠦ | ᠲᠠᠢ ᠮᠤᠷᠢ ᠶᠢ ᠴᠡᠩᠬᠡᠷ ᠪᠤᠷᠤ ᠮᠤᠷᠢ ᠭᠡᠨ᠎ᠡ᠃ | ᠰᠢᠷᠭ᠎ᠠ ᠵᠢᠰᠦᠮ᠄ ᠤᠯᠠᠪᠳᠤᠷ ᠰᠢᠩᠭᠡᠨ ᠰᠢᠷ᠎ᠠ ᠦᠩᠭᠡ ᠶᠢᠨ ᠦᠰᠦ ᠲᠠᠢ ᠮᠤᠷᠢ ᠶᠢ ᠰᠢᠷᠭ᠎ᠠ ᠮᠤᠷᠢ ᠭᠡᠨ᠎ᠡ᠃ | ᠰᠢᠷᠭ᠎ᠠ ᠮᠤᠷᠢᠨ ᠤ ᠭᠤᠷᠪᠠᠨ ᠵᠢᠰᠦᠮ᠄ ᠴᠠᠭᠠᠪᠳᠤᠷ ᠤᠯᠠᠭᠠᠨ ᠰᠢᠷᠭᠠᠯ ᠦᠰᠦ ᠲᠠᠢ ᠮᠤᠷᠢ ᠶᠢ ᠰᠢᠷᠭ᠎ᠠ ᠮᠤᠷᠢ ᠭᠡᠨ᠎ᠡ᠃ | ᠰᠢᠷᠭ᠎ᠠ ᠵᠢᠰᠦᠮ ᠳᠡᠭᠡᠷ᠎ᠡ ᠬᠤᠯᠤᠰᠤᠨ ᠰᠢᠷᠭ᠎ᠠ ᠦᠩᠭᠡ ᠶᠢ ᠬᠠᠳᠠᠭᠠᠯᠠᠭᠰᠠᠨ ᠰᠢᠷᠠᠩᠭᠤᠢ ᠦᠰᠦ ᠲᠠᠢ ᠮᠤᠷᠢ ᠶᠢ | ᠬᠤᠯᠤᠰᠤᠨ ᠰᠢᠷᠭ᠎ᠠ ᠮᠤᠷᠢ ᠭᠡᠨ᠎ᠡ᠂ ᠤᠯᠠᠭᠠᠪᠳᠤᠷ ᠪᠤᠷᠤ ᠦᠰᠦ ᠬᠤᠯᠢᠯᠳᠤᠨ ᠤᠷᠭᠤᠭᠰᠠᠨ ᠮᠤᠷᠢ ᠶᠢ ᠤᠯᠠᠭᠠᠨ | ᠰᠢᠷᠭ᠎ᠠ ᠮᠤᠷᠢ ᠭᠡᠨ᠎ᠡ᠃ | ᠬᠠᠯᠢᠭᠤᠨ ᠵᠢᠰᠦᠮ᠄ ᠬᠦᠬᠡ᠂ ᠬᠠᠷ᠎ᠠ᠂ ᠤᠯᠠᠭᠠᠨ᠂ ᠴᠠᠭᠠᠨ ᠤᠯᠠᠨ ᠦᠩᠭᠡ ᠶᠢᠨ ᠦᠰᠦ ᠬᠤᠯᠢᠯᠳᠤᠭᠰᠠᠨ | ᠵᠢᠰᠦᠮ ᠢ ᠬᠠᠯᠢᠭᠤᠨ ᠮᠤᠷᠢ ᠭᠡᠨ᠎ᠡ᠃ ᠬᠠᠯᠢᠭᠤᠨ ᠮᠤᠷᠢᠨ ᠤ ᠭᠤᠷᠪᠠᠨ ᠵᠢᠰᠦᠮ᠄ ᠬᠤᠸᠠ ᠵᠢᠰᠦᠮ ᠳᠡᠭᠡᠷ᠎ᠡ ᠳᠡᠯ | ᠰᠡᠭᠦᠯ᠂ ᠨᠢᠷᠣᠭᠤ ᠵᠤ᠂ ᠬᠦᠯ ᠢᠶᠠᠨ ᠳᠠᠭᠠᠭᠠᠳ ᠬᠠᠷ᠎ᠠ ᠦᠰᠦ ᠲᠠᠢ ᠮᠤᠷᠢ ᠶᠢ ᠬᠠᠷ᠎ᠠ ᠬᠠᠯᠢᠭᠤᠨ ᠮᠤᠷᠢ ᠭᠡᠨ᠎ᠡ᠃ | ᠳᠡᠯ ᠰᠡᠭᠦᠯ᠂ ᠨᠢᠷᠤᠭᠤ ᠵᠤ ᠪᠠᠨ ᠳᠠᠭᠠᠭᠠᠳ ᠤᠯᠠᠪᠳᠤᠷ ᠰᠢᠷ᠎ᠠ ᠦᠰᠦ ᠲᠠᠢ ᠮᠤᠷᠢ ᠶᠢ ᠰᠢᠷ᠎ᠠ ᠬᠠᠯᠢᠭᠤᠨ ᠮᠤᠷᠢ | ᠭᠡᠨ᠎ᠡ᠃ ᠳᠡᠯ ᠰᠡᠭᠦᠯ᠂ ᠵᠤ ᠨᠢᠷᠤᠭᠤ᠂ ᠬᠡᠳᠡᠰᠦ᠂ ᠴᠠᠪᠢ ᠰᠤᠭᠤ ᠪᠠᠨ ᠳᠠᠭᠠᠭᠠᠳ ᠬᠦᠬᠡᠪᠳᠦᠷ ᠤᠯᠠᠭᠠᠨ ᠦᠰᠦ | ᠲᠠᠢ ᠮᠤᠷᠢ ᠶᠢ ᠪᠤᠭᠤᠨ ᠬᠠᠯᠢᠭᠤᠨ ᠮᠤᠷᠢ ᠭᠡᠨ᠎ᠡ᠃ | ᠪᠤᠭᠤᠷᠤᠯ ᠵᠢᠰᠦᠮ᠄ ᠬᠠᠷ᠎ᠠ ᠤᠯᠠᠭᠠᠨ᠂ ᠴᠠᠭᠠᠨ ᠦᠩᠭᠡ ᠶᠢᠨ ᠦᠰᠦ ᠬᠤᠯᠢᠯᠳᠤᠨ ᠤᠷᠭᠤᠭᠰᠠᠨ ᠮᠤᠷᠢ ᠶᠢ | ᠪᠤᠭᠤᠷᠤᠯ ᠮᠤᠷᠢ ᠭᠡᠨ᠎ᠡ᠃ ᠪᠤᠭᠤᠷᠤᠯ ᠮᠤᠷᠢᠨ ᠤ ᠭᠤᠷᠪᠠᠨ ᠵᠢᠰᠦᠮ᠄ ᠤᠯᠠᠭᠠᠨ ᠴᠠᠭᠠᠨ ᠦᠰᠦ ᠬᠤᠯᠢᠯᠳᠤᠭᠰᠠᠨ | ᠵᠢᠰᠦᠮ ᠤᠨ ᠮᠤᠷᠢᠨ ᠤ ᠴᠠᠭᠠᠨ ᠦᠰᠦ ᠨᠢ ᠳᠡᠶᠢᠯᠦᠩᠭᠦᠢ ᠪᠤᠯ ᠪᠤᠭᠤᠷᠤᠯ ᠮᠤᠷᠢ ᠭᠡᠨ᠎ᠡ᠃ ᠤᠯᠠᠭᠠᠨ ᠴᠠᠭᠠᠨ | ᠦᠰᠦᠨ ᠤ ᠤᠯᠠᠭᠠᠨ ᠦᠰᠦ ᠨᠢ ᠳᠡᠶᠢᠯᠦᠩᠭᠦᠢ ᠠᠷᠪᠢᠨ ᠪᠤᠯ ᠤᠯᠠᠭᠠᠨ ᠪᠤᠭᠤᠷᠤᠯ ᠮᠤᠷᠢ ᠭᠡᠨ᠎ᠡ᠃ ᠬᠦᠬᠡ ᠤᠯᠠᠭᠠᠨ | ᠵᠢᠰᠦᠮ ᠤᠨ ᠬᠤᠯᠢᠮᠠᠭ ᠦᠰᠦ ᠲᠠᠢ᠂ ᠮᠤᠷᠢᠨ ᠤ ᠬᠦᠬᠡ ᠨᠢ ᠳᠡᠶᠢᠯᠦᠩᠭᠦᠢ ᠪᠤᠯ ᠬᠦᠬᠡ ᠪᠤᠭᠤᠷᠤᠯ ᠮᠤᠷᠢ ᠭᠡᠨ᠎ᠡ᠃ | ᠬᠦᠷᠡᠩ ᠵᠢᠰᠦᠮ᠄ ᠬᠠᠷ᠎ᠠ ᠤᠯᠠᠭᠠᠨ ᠰᠢᠷ᠎ᠠ ᠦᠩᠭᠡ ᠶᠢᠨ ᠦᠰᠦ ᠬᠤᠯᠢᠮᠠᠭ ᠵᠢᠰᠦᠮ ᠲᠠᠢ ᠶᠢ ᠬᠦᠷᠡᠩ ᠮᠤᠷᠢ | ᠭᠡᠨ᠎ᠡ᠃ ᠬᠦᠷᠡᠩ ᠮᠤᠷᠢᠨ ᠤ ᠭᠤᠷᠪᠠᠨ ᠵᠢᠰᠦᠮ᠄ ᠬᠠᠷ᠎ᠠ ᠬᠡᠭᠡᠷ ᠵᠢᠰᠦᠮ ᠳᠡᠭᠡᠷ᠎ᠡ ᠪᠤᠷᠤ᠂ ᠤᠯᠠᠭᠠᠨ ᠦᠰᠦ ᠬᠤᠯᠢᠮᠠᠭ | ᠤᠷᠭᠤᠭᠰᠠᠨ ᠮᠤᠷᠢ ᠶᠢ ᠬᠦᠷᠡᠩ ᠮᠤᠷᠢ ᠭᠡᠨ᠎ᠡ᠃ ᠤᠯᠠᠭᠠᠨ ᠬᠡᠭᠡᠷ ᠵᠢᠰᠦᠮ ᠤᠨ ᠳᠡᠭᠡᠷ᠎ᠡ ᠬᠠᠷ᠎ᠠ ᠪᠤᠷᠤ ᠬᠤᠯᠢᠮᠠᠭ | ᠦᠰᠦ ᠲᠠᠢ ᠮᠤᠷᠢ ᠶᠢ ᠽᠠᠨᠳᠠᠨ ᠬᠦᠷᠡᠩ ᠮᠤᠷᠢ ᠭᠡᠨ᠎ᠡ᠃ ᠰᠢᠷ᠎ᠠ ᠬᠡᠭᠡᠷ ᠵᠢᠰᠦᠮ ᠤᠨ ᠳᠡᠭᠡᠷ᠎ᠡ ᠴᠠᠶᠢᠪᠤᠷ ᠰᠢᠷᠠᠩᠭᠤᠢ | ᠬᠤᠯᠢᠮᠠᠭ ᠦᠰᠦ ᠲᠠᠢ ᠮᠤᠷᠢ ᠶᠢ ᠰᠢᠷ᠎ᠠ ᠬᠦᠷᠡᠩ ᠮᠤᠷᠢ ᠭᠡᠨ᠎ᠡ᠃ | ᠬᠠᠯᠳᠠᠷ ᠵᠢᠰᠦᠮ᠄ ᠬᠠᠷ᠎ᠠ᠂ ᠬᠡᠭᠡᠷ ᠵᠢᠰᠦᠮ ᠤᠨ ᠳᠡᠭᠡᠷ᠎ᠡ ᠠᠮᠠ ᠬᠤᠩᠰᠢᠶᠠᠷ᠂ ᠴᠠᠪᠢ ᠰᠤᠭᠤ᠂ ᠬᠡᠳᠡᠰᠦ᠂ | ᠬᠦᠯ ᠢᠶᠠᠨ ᠳᠠᠭᠠᠭᠠᠳ ᠴᠠᠭᠠᠨ ᠦᠰᠦ ᠲᠠᠢ ᠮᠤᠷᠢ ᠶᠢ ᠬᠠᠯᠳᠠᠷ ᠮᠤᠷᠢ ᠭᠡᠨ᠎ᠡ᠃ ᠬᠠᠯᠳᠠᠷ ᠮᠤᠷᠢᠨ ᠤ ᠭᠤᠷᠪᠠᠨ | ᠵᠢᠰᠦᠮ᠄ ᠬᠠᠷ᠎ᠠ ᠵᠢᠰᠦᠮ ᠤᠨ ᠳᠡᠭᠡᠷ᠎ᠡ ᠬᠠᠯᠳᠠᠷ ᠮᠤᠷᠢᠨ ᠤ ᠰᠢᠨᠵᠢ ᠳᠡᠮᠳᠡᠭ ᠢ ᠪᠦᠷᠢᠯᠳᠦᠭᠦᠯᠦᠭᠰᠡᠨ ᠪᠤᠯ ᠬᠠᠷ᠎ᠠ | ᠬᠠᠯᠳᠠᠷ ᠮᠤᠷᠢ ᠭᠡᠨ᠎ᠡ᠃ ᠬᠡᠭᠡᠷ ᠵᠢᠰᠦᠮ ᠳᠡᠭᠡᠷ᠎ᠡ ᠬᠠᠯᠳᠠᠷ ᠮᠤᠷᠢᠨ ᠤ ᠰᠢᠨᠵᠢ ᠪᠦᠷᠢᠳᠦᠭᠰᠡᠨ ᠪᠤᠯ ᠬᠡᠭᠡᠷ ᠬᠠᠯᠳᠠᠷ | ᠮᠤᠷᠢ ᠭᠡᠨ᠎ᠡ᠃ ᠬᠤᠯᠠ ᠮᠤᠷᠢᠨ ᠤ ᠵᠢᠰᠦᠮ ᠳᠡᠭᠡᠷ᠎ᠡ ᠬᠠᠯᠳᠠᠷ ᠮᠤᠷᠢᠨ ᠤ ᠰᠢᠨᠵᠢ ᠳᠡᠮᠳᠡᠭ ᠢ ᠪᠤᠷᠢᠯᠳᠦᠭᠦᠯᠦᠭᠰᠡᠨ | ᠪᠤᠯ ᠬᠤᠯᠠ ᠬᠠᠯᠳᠠᠷ ᠮᠤᠷᠢ ᠭᠡᠨ᠎ᠡ᠃ | ᠴᠤᠬᠤᠷ ᠵᠢᠰᠦᠮ᠄ ᠳᠠᠩ ᠵᠢᠰᠦᠮ ᠳᠡᠭᠡᠷ᠎ᠡ ᠳᠤᠯᠪᠤ ᠳᠤᠯᠪᠤ ᠬᠠᠷ᠎ᠠ ᠤᠯᠠᠭᠠᠨ ᠴᠠᠭᠠᠨ ᠦᠰᠦ ᠤᠷᠭᠤᠭᠰᠠᠨ | ᠮᠤᠷᠢ ᠶᠢ ᠴᠤᠬᠤᠷ ᠮᠤᠷᠢ ᠭᠡᠨ᠎ᠡ᠃ ᠳᠠᠩ ᠵᠢᠰᠦᠮ ᠳᠡᠭᠡᠷ᠎ᠡ ᠡᠰᠡᠷᠬᠦ ᠦᠩᠭᠡ ᠶᠢᠨ ᠵᠢᠵᠢᠭ ᠵᠵᠢᠭ ᠳᠤᠯᠪᠤ ᠲᠠᠢ ᠮᠤᠷᠢ | ᠶᠢ ᠴᠤᠬᠤᠷ ᠮᠤᠷᠢ ᠭᠡᠨ᠎ᠡ᠃ ᠬᠤᠸᠠ ᠵᠢᠭᠡᠷᠳᠡ ᠵᠢᠰᠦᠮ ᠤᠨ ᠳᠡᠭᠡᠷ᠎ᠡ ᠵᠢᠵᠢᠭ ᠴᠠᠭᠠᠨ ᠳᠤᠯᠪᠤ ᠨᠤᠭᠤᠳ ᠲᠠᠢ ᠮᠤᠷᠢ | ᠶᠢ ᠪᠤᠭᠤ ᠶᠢᠨ ᠴᠤᠬᠤᠷ ᠮᠤᠷᠢ ᠭᠡᠨ᠎ᠡ᠃ ᠬᠠᠷ᠎ᠠ ᠬᠦᠷᠡᠩ ᠵᠢᠰᠦᠮ ᠳᠡᠭᠡᠷ᠎ᠡ ᠬᠠᠷ᠎ᠠ᠂ ᠴᠠᠭᠠᠨ᠂ ᠤᠯᠠᠭᠠᠨ ᠵᠢᠵᠢᠭ | ᠳᠤᠯᠪᠤ ᠲᠠᠢ ᠮᠤᠷᠢ ᠶᠢ ᠪᠦᠳᠦᠨ᠎ᠡ ᠴᠤᠬᠤᠷ ᠮᠤᠷᠢ ᠭᠡᠨ᠎ᠡ᠃ | ᠤᠯᠠᠭᠠᠨ ᠮᠤᠷᠢ᠄ ᠭᠤᠤᠯᠳᠠᠭᠤ ᠪᠤᠷᠤ᠂ ᠬᠡᠭᠡᠷ ᠵᠢᠰᠦᠮ ᠳᠡᠭᠡᠷ᠎ᠡ ᠤᠯᠠᠪᠳᠤᠷ ᠬᠦᠬᠡ ᠦᠩᠭᠡ ᠬᠤᠯᠢᠮᠠᠭ | ᠤᠷᠭᠤᠭᠰᠠᠨ ᠳᠡᠮᠦᠷ ᠤᠨ ᠵᠢᠪᠡ ᠶᠢᠨ ᠦᠩᠭᠡ ᠲᠠᠢ ᠮᠤᠷᠢ ᠶᠢ ᠵᠢᠪᠡ ᠶᠢᠨ ᠤᠯᠠᠭᠠᠨ ᠮᠤᠷᠢ ᠭᠡᠳᠡᠭ᠃ | ᠬᠤᠯᠠ ᠵᠢᠰᠦᠮ᠄ ᠦᠨᠳᠦᠰᠦᠨ ᠳᠡᠭᠡᠨ ᠪᠤᠷᠤᠪᠳᠤᠷ ᠬᠤᠸᠠ ᠬᠤᠨᠳᠠᠨ ᠦᠩᠭᠡ ᠲᠠᠢ ᠮᠤᠷᠢ ᠶᠢ ᠬᠤᠯᠠ ᠮᠤᠷᠢ | ᠭᠡᠨ᠎ᠡ᠃ ᠬᠤᠯᠠ ᠮᠤᠷᠢᠨ ᠤ ᠭᠤᠷᠪᠠᠨ ᠵᠢᠰᠦᠮ᠄ ᠬᠤᠸᠠ ᠵᠢᠰᠦᠮ ᠤᠨ ᠳᠡᠭᠡᠷ᠎ᠡ ᠳᠡᠯ ᠰᠡᠭᠦᠯ᠂ ᠨᠢᠷᠤᠭᠤ ᠵᠤ᠂ | ᠳᠦᠷᠪᠡᠨ ᠰᠢᠭᠢᠷ᠎ᠡ᠂ ᠨᠢᠳᠤᠨ ᠤ ᠤᠬᠤᠷᠬᠠᠢ ᠪᠠᠨ ᠳᠠᠭᠠᠭᠠᠳ ᠬᠠᠷ᠎ᠠ ᠦᠰᠦ ᠲᠠᠢ ᠮᠤᠷᠢ ᠶᠢ ᠬᠠᠷ᠎ᠠ ᠬᠤᠯᠠ ᠮᠤᠷᠢ | ᠭᠡᠨ᠎ᠡ᠃ ᠬᠤᠸᠠ ᠵᠢᠰᠦᠮ ᠳᠡᠭᠡᠷ᠎ᠡ ᠠᠮᠠ ᠬᠤᠩᠰᠢᠶᠠᠷ᠂ ᠳᠡᠯ ᠰᠡᠭᠦᠯ᠂ ᠴᠠᠪᠢ ᠰᠤᠭᠤ ᠪᠠᠨ ᠳᠠᠭᠠᠭᠠᠳ ᠴᠠᠶᠢᠪᠤᠷ | ᠴᠠᠭᠠᠨ ᠦᠰᠦ ᠲᠠᠢ ᠮᠤᠷᠢ ᠶᠢ ᠴᠠᠭᠠᠨ ᠬᠤᠯᠠ ᠮᠤᠷᠢ ᠭᠡᠨ᠎ᠡ᠃ ᠬᠤᠸᠠ ᠵᠢᠰᠦᠮ ᠳᠡᠭᠡᠷ᠎ᠡ ᠰᠢᠷᠠᠩᠭᠤᠶᠢᠪᠳᠤᠷ | ᠬᠤᠨᠳᠠᠨ ᠦᠩᠭᠡ ᠶᠢᠨ ᠬᠤᠯᠢᠮᠠᠭ ᠦᠰᠦ ᠲᠠᠢ ᠮᠤᠷᠢ ᠶᠢ ᠬᠤᠸᠠ ᠬᠤᠯᠠ ᠮᠤᠷᠢ ᠭᠡᠨ᠎ᠡ᠃ | ᠴᠠᠶᠢᠪᠳᠤᠷ ᠵᠢᠰᠦᠮ᠄ ᠬᠤᠸᠠ ᠵᠢᠰᠦᠮ ᠳᠡᠭᠡᠷ᠎ᠡ ᠠᠮᠠ ᠬᠤᠩᠰᠢᠶᠠᠷ᠂ ᠴᠠᠪᠢ ᠰᠤᠭᠤ ᠪᠠᠨ ᠳᠠᠭᠠᠭᠠᠳ | ᠤᠯᠠᠪᠳᠤᠷ ᠰᠢᠷᠠᠩᠭᠤᠢ ᠦᠰᠦ ᠲᠠᠢ ᠮᠤᠷᠢ ᠶᠢ ᠴᠠᠶᠢᠪᠳᠤᠷ ᠮᠤᠷᠢ ᠭᠡᠨ᠎ᠡ᠃ | ᠠᠳᠤᠭᠤ ᠶᠢᠨ ᠤᠨᠴᠠᠯᠢᠭ ᠰᠢᠨᠵᠢ᠂ ᠵᠠᠷᠤᠳᠠᠯ ᠶᠠᠪᠤᠳᠠᠯ᠂ ᠵᠠᠩ ᠴᠢᠨᠠᠷ ᠤᠨ ᠳᠠᠯ᠎ᠠ ᠪᠠᠷ ᠤᠯᠠᠨ ᠵᠦᠢᠯ ᠤᠨ | ᠳᠠᠭᠤᠳᠠᠯᠭ᠎ᠠ ᠪᠠᠶᠢᠳᠠᠭ᠃ ᠵᠢᠱᠢᠶᠡᠯᠡᠪᠡᠯ᠂ ᠳᠡᠷᠭᠡᠨ ᠬᠡᠭᠡᠷ᠂ ᠤᠷᠭᠠᠨ ᠰᠠᠭᠠᠷᠠᠯ᠂ ᠬᠤᠨᠢᠨ ᠤ ᠪᠤᠷᠤ᠂ ᠵᠢᠷᠤᠭ᠎ᠠ | ᠬᠤᠯᠠ᠂ ᠬᠠᠳᠠᠷᠢᠭ᠎ᠠ ᠵᠡᠭᠡᠷᠳᠡ᠂ ᠰᠠᠷ᠎ᠠ ᠲᠠᠢ ᠵᠡᠭᠡᠷᠳᠡ᠂ ᠰᠢᠪᠠᠭᠤᠨ ᠴᠠᠭᠠᠨ᠂ ᠰᠢᠬᠢᠷ᠎ᠡ ᠴᠠᠭᠠᠨ᠂ ᠬᠠᠱᠠᠩ ᠬᠠᠷ᠎ᠠ᠂ | ᠶᠠᠪᠤᠭᠠᠴᠢ ᠬᠠᠯᠢᠭᠤᠨ᠂ ᠤᠷᠤᠭ᠎ᠠ ᠰᠢᠷᠭ᠎ᠠ᠂ ᠳᠤᠭᠤᠯᠠᠩ ᠤᠯᠠᠭᠠᠨ ᠭᠡᠬᠦ ᠮᠡᠳᠦ ᠶᠢᠨ ᠤᠨᠴᠠᠯᠢᠭ ᠲᠤᠨᠢ ᠲᠤᠬᠢᠷᠠᠭᠰᠠᠨ | ᠤᠯᠠᠨ ᠳᠠᠭᠤᠳᠠᠯᠭ᠎ᠠ ᠪᠠᠶᠢᠳᠠᠭ᠃ | ᠭᠤᠷᠪᠠ᠂ ᠳᠡᠮᠡᠭᠡᠨ ᠤ ᠵᠢᠰᠦᠮ᠃ ᠴᠤᠯ ᠤᠯᠠᠭᠠᠨ ᠦᠰᠦ ᠲᠠᠢ ᠳᠡᠮᠡᠭᠡ ᠶᠢ ᠤᠯᠠᠭᠠᠨ ᠳᠡᠮᠡᠭᠡ ᠭᠡᠨ᠎ᠡ᠃ | ᠵᠤᠭᠳᠤᠷ ᠪᠤᠶᠤ ᠳᠡᠯ ᠢᠶᠠᠨ ᠳᠠᠭᠠᠭᠠᠳ ᠬᠠᠷᠠᠪᠳᠤᠷ᠂ ᠨᠤᠤᠰᠤ ᠨᠢ ᠪᠠᠷᠠᠭᠠᠨ ᠦᠩᠭᠡᠳᠠᠢ ᠳᠡᠮᠡᠭᠡ ᠶᠢ ᠬᠠᠷ᠎ᠠ ᠳᠡᠮᠡᠭᠡ | ᠭᠡᠨ᠎ᠡ᠃ ᠬᠠᠷᠠᠪᠳᠤᠷ ᠤᠯᠠᠭᠠᠨ ᠦᠰᠦ ᠲᠠᠢ ᠳᠡᠮᠡᠭᠡ ᠶᠢ ᠪᠤᠷᠤ ᠳᠡᠮᠡᠭᠡ ᠭᠡᠨ᠎ᠡ᠃ ᠴᠤᠯ ᠴᠠᠭᠠᠨ ᠨᠤᠤᠰᠤ ᠲᠠᠢ ᠳᠡᠮᠡᠭᠡ | ᠶᠢ ᠴᠠᠭᠠᠨ ᠳᠡᠮᠡᠭᠡ ᠭᠡᠨ᠎ᠡ᠃ ᠮᠠᠨ ᠤ ᠨᠤᠳᠤᠭ ᠲᠤ ᠳᠡᠮᠡᠭᠡ ᠦᠭᠡᠢ ᠪᠤᠯᠬᠤᠷ ᠨᠠᠷᠢᠯᠢᠭ ᠰᠠᠶᠢᠬᠠᠨ ᠮᠡᠳᠡᠬᠦ ᠦᠭᠡᠢ᠃ | ᠲᠦᠷᠪᠡ᠂ ᠬᠤᠨᠢᠨ ᠤ ᠳᠠᠩ ᠵᠢᠰᠦᠮ ᠳᠤ ᠴᠠᠭᠠᠨ᠂ ᠬᠠᠷ᠎ᠠ᠂ ᠪᠤᠷᠤ ᠵᠡᠷᠭᠡ ᠵᠢᠰᠦᠮ ᠪᠠᠶᠢᠬᠤ ᠪᠦᠭᠡᠳ | ᠳᠠᠪᠬᠤᠷ ᠵᠢᠰᠦᠮ ᠳᠤ ᠬᠠᠷ᠎ᠠ ᠠᠯᠠᠭ᠂ ᠪᠤᠷᠤ ᠠᠯᠠᠭ᠂ ᠬᠦᠬᠡ ᠠᠯᠠᠭ᠂ ᠬᠠᠷ᠎ᠠ᠂ ᠪᠤᠷᠤ ᠲᠦᠷᠦᠭᠦᠳᠦ᠂ ᠬᠠᠷ᠎ᠠ᠂ | ᠪᠤᠷᠤ ᠬᠠᠯᠵᠠᠨ ᠵᠡᠷᠭᠡ ᠶᠢᠨ ᠦᠩᠭᠡ ᠵᠢᠰᠦᠮ ᠪᠠᠶᠢᠳᠠᠭ᠃ ᠤᠨᠴᠠᠯᠢᠭ ᠤᠨ ᠳᠠᠯ᠎ᠠ ᠪᠠᠷ ᠭᠤᠯᠤᠩᠬᠠᠢ ᠴᠠᠭᠠᠨ᠂ ᠢᠬᠡᠷ᠎ᠡ | ᠶᠢᠨ ᠤᠳᠤᠮ᠂ ᠵᠤᠵᠢᠭ ᠪᠤᠷᠤ ᠵᠡᠷᠭᠡ ᠳᠠᠭᠤᠳᠠᠯᠭ᠎ᠠ ᠪᠠᠶᠢᠳᠠᠭ᠃ | ᠳᠠᠪᠤ᠂ ᠢᠮᠠᠭᠠᠨ ᠤ ᠳᠠᠩ ᠵᠢᠰᠦᠮ ᠳᠤ ᠴᠠᠭᠠᠨ᠂ ᠬᠠᠷ᠎ᠠ᠂ ᠬᠦᠬᠡ᠂ ᠤᠯᠠᠭᠠᠨ ᠵᠡᠷᠭᠡ ᠵᠢᠰᠦᠮ ᠪᠠᠶᠢᠬᠤ | ᠪᠦᠬᠡᠳ ᠳᠠᠪᠬᠤᠷ ᠵᠢᠰᠦᠮ ᠳᠤ ᠬᠠᠷ᠎ᠠ ᠬᠠᠯᠳᠠᠷ᠂ ᠬᠦᠬᠡ ᠬᠠᠯᠳᠠᠷ᠂ ᠪᠤᠭᠤᠷᠤᠯ᠂ ᠤᠷᠤᠭ ᠵᠡᠷᠭᠡ ᠵᠢᠰᠦ ᠪᠠᠶᠢᠳᠠᠭ᠃ | ᠤᠨᠴᠠᠯᠢᠭ ᠤᠨ ᠳᠠᠯ᠎ᠠ ᠪᠠᠷ ᠮᠦᠷᠭᠦᠭᠡᠴᠢ᠂ ᠭᠤᠯᠤᠩᠬᠠᠢ᠂ ᠶᠠᠪᠤᠭᠠᠴᠢ᠂ ᠳᠦᠢᠳᠦᠭᠡᠴᠢ ᠵᠡᠷᠭᠡ ᠤᠯᠠᠨ ᠳᠠᠭᠤᠳᠠᠯᠭ᠎ᠠ | ᠪᠠᠶᠢᠳᠠᠭ᠃ | | ᠡᠪᠴᠢᠭᠦᠴᠢᠨ · ᠳᠣᠨᠤᠷᠤᠪ ᠤᠨ ︽ᠠᠷᠣ ᠬᠤᠷᠴᠢᠨ ᠨᠤᠲᠤᠭ ᠤᠨ ᠤᠯᠠᠮᠵᠢᠯᠠᠯᠲᠤ ᠰᠣᠶᠣᠯ︾ ᠭᠡᠬᠦ | ᠨᠣᠮ ᠠᠴᠠ ᠰᠤᠩᠭᠤᠪᠠ |