ᠨᠢᠭᠡ᠂ ᠬᠤᠨᠢᠨ ᠪᠦᠬᠦᠯᠢ ᠰᠢᠭᠦᠰᠦ᠃ ᠬᠤᠨᠢᠨ ᠤ ᠤᠭᠤᠴᠠ ᠪᠠᠨ ᠭᠤᠷᠪᠠᠨ ᠰᠦᠪᠡᠷᠭᠡᠰᠦ ᠲᠠᠢ ᠭᠠᠷᠭᠠᠨ᠎ᠠ᠃ | ᠬᠤᠨᠢᠨ ᠤ ᠲᠤᠯᠤᠭᠠᠢ ᠪᠠᠨ ᠬᠤᠶᠢᠬᠠᠯᠠᠵᠤ᠂ ᠴᠢᠨᠠᠵᠤ ᠪᠤᠯᠭᠤᠭᠰᠠᠨ ᠤ ᠰᠡᠭᠦᠯᠡᠷ ᠬᠠ᠂ ᠭᠤᠶ᠎ᠠ᠂ ᠰᠡᠭᠡᠷ ᠤᠨ | ᠮᠢᠬ᠎ᠠ ᠶᠢ ᠦᠶ᠎ᠡ ᠦᠶ᠎ᠡ ᠪᠠᠷ ᠰᠠᠯᠭᠠᠨ ᠴᠢᠨᠠᠵᠤ ᠪᠤᠯᠭᠤᠭᠠᠳ ᠶᠡᠭᠡ ᠲᠠᠪᠠᠭ ᠪᠣᠶᠤ ᠫᠢᠯᠠ ᠳᠤ ᠬᠠ᠂ ᠭᠤᠶ᠎ᠠ ᠶᠢᠨ | ᠮᠢᠬ᠎ᠠ ᠶᠢ ᠬᠡᠪᠲᠡᠭᠡ ᠬᠤᠨᠢᠨ ᠤ ᠶᠠᠩᠵᠤ ᠪᠠᠷ ᠪᠠᠶᠢᠷᠢᠯᠠᠭᠤᠯᠵᠤ᠂ ᠬᠤᠶᠠᠷ ᠬᠠ ᠶᠢᠨ ᠳᠤᠮᠳᠠ ᠰᠡᠭᠡᠷ ᠤᠨ ᠰᠡᠷᠪᠡᠭᠡ ᠶᠢ | ᠳᠤᠲᠤᠭᠰᠢ ᠬᠠᠨᠳᠤᠭᠤᠯᠤᠨ ᠬᠦᠨᠳᠡᠯᠡᠨ ᠲᠠᠯᠪᠢᠵᠤ᠂ ᠳᠡᠭᠡᠷ᠎ᠡ ᠠᠴᠠ ᠨᠢ ᠪᠤᠯᠭᠤᠭᠰᠠᠨ ᠤᠭᠤᠴᠠ ᠪᠠᠨ ᠬᠦᠮᠦᠷᠢᠵᠤ | ᠲᠠᠯᠪᠢᠭᠠᠳ ᠤᠭᠤᠴᠠ ᠶᠢᠨ ᠳᠡᠭᠡᠷ᠎ᠡ ᠬᠤᠨᠢᠨ ᠤ ᠲᠤᠯᠤᠭᠠᠢ ᠪᠠᠨ ᠲᠠᠯᠪᠢᠵᠤ ᠣᠷᠣᠭᠤᠯᠬᠤ ᠶᠢ ᠪᠦᠬᠦᠯᠢ ᠬᠤᠨᠢᠨ ᠤ | ᠰᠢᠭᠦᠰᠦ ᠭᠡᠨ᠎ᠡ᠃ ᠮᠠᠨ ᠤ ᠮᠤᠩᠭᠤᠯᠴᠣᠳ ᠡᠷᠲᠡ ᠳᠡᠭᠡᠳᠦ ᠠᠴᠠ ᠪᠠᠨ ᠠᠪᠤᠭᠠᠳ ᠪᠦᠬᠦᠯᠢ ᠬᠤᠨᠢᠨ ᠤ ᠰᠢᠭᠦᠰᠦ ᠪᠠᠷ | ᠶᠡᠬᠡᠴᠣᠣᠯ᠂ ᠭᠡᠭᠡᠨ ᠬᠤᠪᠢᠯᠭᠠᠨ᠂ ᠨᠣᠶᠠᠳ ᠬᠡᠷᠬᠡᠮᠲᠡᠨ ᠪᠠ ᠬᠦᠨᠳᠦᠳᠦ ᠵᠤᠴᠢᠨ᠂ ᠲᠦᠷᠦᠯ ᠲᠦᠷᠦᠭᠰᠡᠳ᠂ ᠬᠤᠳᠠ | ᠤᠷᠤᠭ ᠢᠶᠠᠨ ᠳᠠᠶᠢᠯᠠᠳᠠᠭ᠃ | ᠬᠤᠶᠠᠷ᠂ ᠬᠤᠨᠢᠨ ᠤ ᠬᠠᠭᠠᠰ ᠰᠢᠭᠦᠰᠦ᠃ ᠬᠤᠨᠢᠨ ᠤ ᠤᠭᠤᠴᠠ᠂ ᠬᠤᠨᠢᠨ ᠤ ᠲᠤᠯᠤᠭᠠᠢ᠂ ᠳᠦᠷᠪᠡᠨ | ᠦᠨᠳᠦᠷ ᠬᠠᠪᠢᠷᠭ᠎ᠠ᠂ ᠰᠡᠭᠡᠷ ᠵᠡᠷᠭᠡ ᠪᠠᠷ ᠪᠦᠷᠢᠯᠳᠦᠨ᠎ᠡ᠃ ᠬᠠᠪᠢᠷᠭ᠎ᠠ ᠰᠡᠭᠡᠷ ᠵᠡᠷᠭᠡ ᠮᠢᠬ᠎ᠠ ᠶᠢ ᠴᠢᠨᠠᠵᠤ | ᠪᠤᠯᠭᠤᠭᠰᠠᠨ ᠤ ᠰᠡᠭᠦᠯᠡᠷ ᠲᠠᠪᠠᠭ᠂ ᠫᠢᠯᠠ ᠳᠠᠭᠠᠨ ᠳᠡᠪᠢᠰᠭᠡᠷ ᠲᠠᠯᠪᠢᠵᠤ᠂ ᠳᠡᠭᠡᠷ᠎ᠡ ᠲᠠᠯ᠎ᠠ ᠳᠤ ᠨᠢ ᠬᠤᠨᠢᠨ ᠤ | ᠤᠭᠤᠴᠠ ᠪᠠᠨ ᠬᠦᠮᠦᠷᠢᠵᠤ ᠲᠠᠯᠪᠢᠵᠤ᠂ ᠤᠭᠤᠴᠠᠨ ᠤ ᠳᠡᠭᠡᠷ᠎ᠡ ᠬᠤᠨᠢᠨ ᠲᠤᠯᠤᠭᠠᠢ ᠪᠠᠨ ᠲᠠᠯᠪᠢᠭᠰᠠᠨ ᠢ ᠬᠠᠭᠠᠰ | ᠰᠢᠭᠦᠰᠦ ᠭᠡᠨ᠎ᠡ᠃ ᠡᠶᠢᠮᠦᠷᠬᠦᠦ ᠰᠢᠭᠦᠰᠦ ᠶᠢ ᠬᠦᠨᠳᠦᠲᠦ ᠵᠤᠴᠢᠨ ᠢᠶᠠᠨ ᠳᠠᠶᠢᠯᠠᠬᠤ ᠪᠤᠶᠤ ᠬᠤᠷᠢᠮ ᠨᠠᠶᠢᠷ ᠤᠨ | ᠳᠠᠶᠢᠯᠠᠯᠭᠠᠨ ᠳᠤ ᠣᠷᠤᠭᠤᠯᠳᠠᠭ᠃ | ᠭᠤᠷᠪᠠ᠂ ᠬᠤᠨᠢᠨ ᠤ ᠦᠷᠦᠭᠡᠯ ᠰᠢᠭᠦᠰᠦ᠃ ᠡᠭᠦᠨ ᠳᠤ ᠬᠤᠨᠢᠨ ᠤ ᠤᠭᠤᠴᠠ᠂ ᠬᠤᠨᠢᠨ ᠤ ᠲᠤᠯᠤᠭᠠᠢ᠂ | ᠬᠤᠨᠢᠨ ᠤ ᠵᠥᠪ ᠲᠠᠯ᠎ᠠ ᠶᠢᠨ ᠬᠠ᠂ ᠪᠤᠷᠤᠭᠤ ᠲᠠᠯ᠎ᠠ ᠶᠢᠨ ᠭᠤᠶ᠎ᠠ ᠪᠠᠷ ᠪᠦᠷᠢᠯᠳᠦᠨ᠎ᠡ᠃ ᠬᠤᠨᠢᠨ ᠤ ᠬᠠ ᠭᠤᠶ᠎ᠠ ᠪᠠᠨ | ᠦᠶᠡᠯᠡᠵᠦ ᠰᠠᠯᠭᠠᠬᠤ ᠦᠭᠡᠢ ᠪᠦᠬᠦᠯᠢ ᠪᠠᠷ ᠨᠢ ᠪᠣᠷᠤᠯᠠᠭᠤᠯᠵᠤ ᠠᠪᠤᠭᠠᠳ ᠲᠠᠪᠠᠭ ᠫᠢᠯᠠ ᠳᠠᠭᠠᠨ ᠬᠠ ᠶᠢ ᠵᠥᠪ | ᠲᠠᠯ᠎ᠠ ᠳᠤ ᠨᠢ ᠭᠤᠶ᠎ᠠ ᠶᠢ ᠪᠤᠷᠤᠭᠤ ᠲᠠᠯ᠎ᠠ ᠳᠤ ᠨᠢ᠂ ᠳᠣᠲᠤᠷ ᠲᠠᠯ᠎ᠠ ᠶᠢ ᠨᠢ ᠳᠡᠭᠡᠭᠰᠢ ᠬᠠᠨᠳᠤᠭᠤᠯᠵᠤ | ᠪᠠᠶᠢᠷᠢᠯᠠᠭᠤᠯᠤᠨ᠂ ᠤᠭᠤᠴᠠ ᠪᠠᠨ ᠬᠦᠮᠦᠷᠢᠵᠤ ᠲᠠᠯᠪᠢᠭᠠᠳ ᠳᠡᠭᠡᠷ᠎ᠡ ᠨᠢ ᠬᠤᠨᠢᠨ ᠤ ᠲᠤᠯᠤᠭᠠᠢ ᠪᠠᠨ ᠲᠠᠯᠪᠢᠨ᠎ᠠ᠃ | ᠡᠶᠢᠮᠦ ᠮᠠᠶ᠋ᠢᠭ ᠤᠨ ᠰᠢᠭᠦᠰᠦ ᠶᠢ ᠦᠷᠦᠭᠡᠯ ᠰᠢᠭᠦᠰᠦ ᠭᠡᠨ᠎ᠡ᠃ ᠡᠶᠢᠮᠦ ᠰᠢᠭᠦᠰᠦ ᠪᠠᠷ ᠠᠭᠤᠯᠠ ᠬᠠᠶᠢᠷᠬᠠᠨ᠂ ᠣᠪᠣᠭ᠎ᠠ | ᠱᠠᠩᠰᠢ᠂ ᠭᠤᠣᠯ ᠪᠤᠯᠠᠭ ᠢ ᠲᠠᠬᠢᠬᠤ ᠳᠤ ᠬᠡᠷᠡᠭᠯᠡᠬᠦ ᠪᠥᠭᠡᠳ ᠰᠢᠨ᠎ᠡ ᠬᠦᠷᠭᠡᠨ ᠬᠠᠳᠠᠮ ᠤᠨ ᠪᠣᠷᠬᠠᠨ ᠳᠤ ᠮᠦᠷᠭᠦᠬᠦ᠂ | ᠬᠠᠷᠢ ᠳᠤ ᠮᠣᠷᠳᠠᠭᠰᠠᠨ ᠬᠡᠦᠬᠡᠨ ᠤ ᠠᠩᠬᠠᠨ ᠤ ᠡᠷᠭᠢᠯᠲᠡ ᠳᠤ ᠡᠶᠢᠮᠦ ᠰᠢᠭᠦᠰᠦ ᠶᠢ ᠬᠡᠷᠡᠭᠯᠡᠳᠡᠭ᠃ | ᠳᠥᠷᠪᠡ᠂ ᠠᠯᠢᠪᠠ ᠰᠢᠭᠦᠰᠦ ᠶᠢ ᠳᠠᠶᠢᠯᠠᠯᠭ᠎ᠠ ᠳᠤ ᠣᠷᠤᠭᠤᠯᠬᠤ ᠳᠠᠭᠠᠨ᠂ ᠬᠦᠵᠦᠭᠦᠦ᠂ ᠪᠣᠭᠤᠨᠢ ᠬᠠᠪᠢᠷᠭ᠎ᠠ᠂ | ᠪᠣᠭᠲᠤᠰ ᠴᠢᠮᠦᠭᠡ ᠵᠡᠷᠭᠡ ᠶᠢ ᠣᠷᠤᠭᠤᠯᠵᠤ ᠪᠣᠯᠬᠤ ᠦᠭᠡᠢ ᠪᠦᠭᠡᠳ ᠰᠢᠭᠦᠰᠦ ᠪᠠᠨ ᠡᠷᠬᠡᠪᠰᠢ ᠬᠠᠯᠢᠮᠯᠠᠬᠤ ᠬᠡᠷᠡᠭᠲᠡᠢ᠃ | ᠬᠤᠨᠢᠨ ᠤ ᠡᠪᠴᠢᠭᠦᠦ ᠶᠢ ᠠᠰ ᠲᠤ ᠨᠢ ᠵᠣᠴᠢᠨ ᠳᠠᠶᠢᠯᠠᠬᠤ ᠳᠤ ᠣᠷᠤᠭᠤᠯᠳᠠᠭ᠂ ᠡᠪᠴᠢᠭᠦᠦ ᠪᠠᠷ ᠭᠤᠤᠯᠳᠠᠭᠤ | ᠡᠮᠡᠭᠲᠡᠢ ᠵᠣᠴᠢᠨ ᠢ ᠳᠠᠶᠢᠯᠠᠳᠠᠭ ᠵᠠᠩ ᠵᠢᠷᠤᠮ ᠲᠠᠢ᠃ ᠰᠡᠭᠡᠷ ᠬᠠᠪᠢᠷᠭ᠎ᠠ ᠵᠡᠷᠭᠡ ᠮᠢᠬ᠎ᠠ ᠶᠢ ᠲᠠᠪᠠᠭ ᠲᠤ ᠳᠡᠪᠢᠰᠭᠡᠷ | ᠲᠠᠯᠪᠢᠵᠤ᠂ ᠡᠪᠴᠢᠭᠦᠦ ᠶᠢᠨ ᠡᠯᠢᠭᠡᠨ ᠲᠠᠯ᠎ᠠ ᠶᠢ ᠳᠡᠭᠡᠭᠰᠢ ᠬᠠᠨᠳᠤᠭᠤᠯᠵᠤ᠂ ᠲᠠᠪᠠᠭ ᠲᠠᠢ ᠮᠢᠬᠠᠨ ᠳᠡᠭᠡᠷ᠎ᠡ ᠪᠠᠨ | ᠲᠠᠯᠪᠢᠭᠠᠳ ᠵᠣᠴᠢᠨ ᠳᠠᠶᠢᠯᠠᠳᠠᠭ᠃ ᠡᠭᠦᠨ ᠳᠤ ᠡᠪᠴᠢᠭᠦᠦ ᠶᠢᠨ ᠪᠦᠳᠦᠷᠬᠡᠢ ᠶᠢ ᠣᠭᠲᠤᠯᠤᠨ ᠠᠪᠬᠤ ᠪᠦᠭᠡᠳ | ᠬᠤᠷᠮᠤᠢ ᠶᠢ ᠨᠢ ᠲᠡᠭᠰᠢᠬᠡᠨ ᠰᠠᠶᠢᠬᠠᠨ ᠬᠡᠷᠪᠢᠵᠤ ᠠᠪᠬᠤ ᠬᠡᠷᠡᠭᠲᠡᠢ᠃ | ᠲᠠᠪᠤ᠂ ᠰᠢᠭᠦᠰᠦ ᠮᠡᠳᠡᠭᠦᠯᠬᠦ᠂ ᠰᠢᠭᠦᠰᠦ ᠬᠠᠰᠢᠬᠤ᠂ ᠰᠢᠭᠦᠰᠦ ᠪᠣᠴᠠᠬᠤ ᠶᠣᠰᠤ ᠣᠴᠢᠷ᠃ ᠲᠠᠪᠠᠭ ᠲᠠᠢ | ᠰᠢᠭᠦᠰᠦ ᠪᠠᠨ ᠰᠢᠷᠡᠭᠡᠨ ᠳᠤ ᠲᠠᠯᠪᠢᠭᠰᠠᠨ ᠤ ᠰᠡᠭᠦᠯᠡᠷ᠂ ᠭᠡᠷ ᠤᠨ ᠡᠵᠡᠨ ᠨᠢ ᠵᠣᠴᠢᠨ ᠳᠠᠭᠠᠨ ᠠᠷᠢᠬᠢ ᠬᠠᠳᠠᠭ ᠲᠠᠢ | ᠪᠠᠷᠢᠵᠤ ᠰᠢᠭᠦᠰᠦ ᠮᠡᠳᠡᠭᠦᠯᠦᠨ᠎ᠡ᠃ ᠳᠠᠷᠠᠭ᠎ᠠ ᠨᠢ ᠰᠦᠩ ᠤᠨ ᠬᠡᠦᠬᠡᠳ ᠪᠠᠭ᠎ᠠ ᠲᠠᠪᠠᠭ ᠤᠨ ᠳᠣᠲᠤᠷ᠎ᠠ ᠬᠢᠲᠤᠭ᠎ᠠ | ᠬᠢᠵᠦ ᠤᠷᠤᠵᠤ ᠢᠷᠡᠭᠡᠳ ᠬᠢᠲᠤᠭ᠎ᠠ ᠶᠢᠨ ᠡᠰᠢ ᠪᠠᠷᠢᠭᠤᠯ ᠤᠨ ᠲᠠᠯ᠎ᠠ ᠶᠢ ᠵᠣᠴᠢᠨ ᠤ ᠥᠭᠡᠳᠡ ᠬᠠᠨᠳᠤᠭᠤᠯᠵᠤ | ᠰᠢᠷᠡᠭᠡᠨ ᠳᠡᠭᠡᠷ᠎ᠡ ᠲᠠᠯᠪᠢᠨ᠎ᠠ᠃ ᠢᠩᠭᠢᠭᠰᠡᠨ ᠤ ᠰᠡᠭᠦᠯᠡᠷ ᠰᠢᠷᠡᠭᠡᠨ ᠳᠤ ᠰᠠᠭᠤᠭᠰᠠᠨ ᠵᠣᠴᠢᠨ ᠬᠢᠲᠤᠭ᠎ᠠ ᠶᠢ ᠠᠪᠴᠣ | ᠬᠤᠨᠢᠨ ᠤ ᠲᠤᠯᠤᠭᠠᠢ ᠶᠢᠨ ᠮᠠᠩᠨᠠᠢ ᠳᠡᠭᠡᠷ᠎ᠡ ᠲᠣᠨᠤᠯᠵᠢᠨ ᠲᠡᠮᠳᠡᠭ ᠬᠠᠭᠠᠯᠬᠤ ᠪᠣᠶᠣ ᠪᠠᠷᠠᠭᠤᠨ ᠴᠢᠬᠢ ᠶᠢ ᠨᠢ | ᠢᠮᠨᠡᠭᠡᠳ᠂ ᠤᠭᠤᠴᠠ ᠶᠢᠨ ᠤᠷᠤᠭ ᠰᠡᠭᠦᠯ ᠠᠴᠠ ᠪᠠᠭ᠎ᠠ ᠬᠡᠰᠡᠭ ᠣᠭᠲᠤᠯᠤᠨ ᠠᠪᠴᠤ᠂ ᠬᠤᠨᠢᠨ ᠲᠤᠯᠤᠭᠠᠢ ᠲᠠᠢ | ᠬᠠᠮᠲᠤ ᠳᠤ ᠨᠢ ᠪᠠᠭ᠎ᠠ ᠲᠠᠪᠠᠭ ᠤᠨ ᠳᠣᠲᠤᠷ᠎ᠠ ᠬᠢᠵᠦ ᠪᠤᠴᠠᠭᠠᠨ᠎ᠠ᠃ ᠡᠭᠦᠨ ᠤ ᠳᠠᠷᠠᠭ᠎ᠠ ᠭᠡᠷ ᠤᠨ ᠡᠵᠡᠨ ᠪᠤᠶᠤ | ᠰᠦᠩ ᠤᠨ ᠬᠡᠦᠬᠡᠳ ᠬᠤᠨᠢᠨ ᠤ ᠤᠭᠤᠴᠠ ᠪᠠᠨ ᠪᠠᠷᠠᠭᠤᠨ ᠲᠠᠯ᠎ᠠ ᠠᠴᠠ ᠡᠬᠢᠯᠡᠨ ᠬᠠᠰᠢᠵᠤ᠂ ᠬᠤᠶᠠᠷ ᠲᠠᠯ᠎ᠠ ᠶᠢᠨ | ᠬᠠᠪᠢᠰᠦ ᠶᠢ ᠤᠭᠤᠴᠠ ᠶᠢᠨ ᠳᠡᠭᠡᠭᠦᠷ ᠤᠨᠤᠭᠤᠯᠤᠨ ᠰᠣᠯᠢᠵᠤ ᠲᠠᠯᠪᠢᠨ᠎ᠠ᠃ ᠳᠠᠷᠠᠭ᠎ᠠ ᠨᠢ ᠵᠣᠴᠢᠨ ᠰᠢᠭᠦᠰᠦ ᠶᠢᠨ | ᠳᠡᠭᠡᠵᠢ ᠶᠢ ᠭᠠᠯ ᠪᠣᠷᠬᠠᠨ ᠳᠤ ᠠᠳᠢᠰᠯᠠᠨ ᠡᠷᠭᠦᠭᠡᠳ ᠰᠠᠶ᠋ᠢ ᠢᠳᠡᠵᠦ ᠵᠣᠭᠤᠭᠯᠠᠳᠠᠭ ᠶᠣᠰᠤ ᠲᠠᠢ᠃ | | | ᠡᠪᠴᠢᠭᠦᠴᠢᠨ · ᠳᠣᠨᠤᠷᠤᠪ ᠤᠨ ︽ᠠᠷᠣ ᠬᠤᠷᠴᠢᠨ ᠨᠤᠲᠤᠭ ᠤᠨ ᠤᠯᠠᠮᠵᠢᠯᠠᠯᠲᠤ ᠰᠣᠶᠣᠯ︾ ᠭᠡᠬᠦ | ᠨᠣᠮ ᠠᠴᠠ ᠰᠤᠩᠭᠤᠪᠠ | | |