ᠰᠦᠩ ᠤᠨ ᠬᠤᠨᠳᠠᠭ᠎ᠠ ᠲᠠᠯᠪᠢᠬᠤ ᠶᠣᠰᠣ ᠣᠴᠢᠷ
ᠨᠡᠶᠢᠲᠡᠯᠡᠭᠰᠡᠨ ᠴᠠᠭ᠄
2019/6/7
     ᠰᠦᠩ ᠤᠨ ᠬᠤᠨᠳᠠᠭ᠎ᠠ ᠵᠠᠰᠠᠵᠤ᠂ ᠰᠦᠩ ᠲᠠᠯᠪᠢᠬᠤ ᠶᠣᠰᠣ ᠣᠴᠢᠷ ᠪᠣᠯ ᠬᠤᠶᠠᠷ ᠬᠡᠦᠭᠡᠳ ᠤᠨ ᠣᠷᠤᠭ ᠬᠤᠷᠢᠮ ᠳᠤ ᠯᠡ ᠬᠡᠷᠡᠭᠯᠡᠳᠡᠭ ᠵᠠᠩ ᠦᠢᠯᠡ ᠮᠦᠨ᠃ ᠨᠢᠭᠡ ᠬᠦᠮᠦᠨ ᠨᠢᠭᠡ ᠨᠠᠰᠣᠨ ᠳᠠᠭᠠᠨ ᠨᠢᠭᠡ ᠯᠡ ᠤᠳᠠᠭ᠎ᠠ ᠰᠦᠩ ᠤᠨ ᠬᠤᠨᠳᠠᠭ᠎ᠠ ᠵᠠᠰᠠᠳᠠᠭ᠂ ᠵᠢᠱᠢᠶᠡᠯᠡᠪᠡᠯ᠂ ᠬᠦᠦ ᠳᠡᠭᠡᠨ ᠪᠡᠷᠢ ᠪᠠᠭᠤᠯᠭᠠᠬᠤ᠂ ᠬᠡᠦᠬᠡᠨ ᠢᠶᠠᠨ ᠬᠠᠷᠢ ᠳᠤ ᠮᠣᠷᠳᠠᠭᠤᠯᠬᠤ ᠬᠤᠷᠢᠮ ᠳᠤ ᠰᠠᠶ᠋ᠢ ᠰᠦᠩ ᠤᠨ ᠬᠤᠨᠳᠠᠭ᠎ᠠ ᠵᠠᠰᠠᠳᠠᠭ᠃ ᠮᠠᠨ ᠤ ᠮᠤᠩᠭᠤᠯᠴᠣᠳ ᠲᠤ ᠤᠷᠤᠭ ᠬᠤᠷᠢᠮ ᠳᠤ ᠬᠡᠷᠡᠭᠯᠡᠬᠦ ᠲᠤᠰᠬᠠᠢ ᠰᠦᠩ ᠤᠨ ᠰᠢᠷᠡᠭᠡ ᠪᠠᠶᠢᠳᠠᠭ᠃ ᠨᠢᠭᠡ ᠪᠦᠯᠦᠭ ᠠᠶᠢᠯ ᠳᠤ ᠨᠢᠭᠡ ᠰᠦᠩ ᠤᠨ ᠰᠢᠷᠡᠭᠡ ᠪᠠᠶᠢᠪᠠᠯ ᠵᠠᠷᠣᠭᠠᠳ ᠬᠦᠷᠴᠢᠬᠡᠨ᠎ᠡ᠂ ᠬᠡᠨ ᠤ ᠭᠡᠷ ᠲᠤ ᠪᠡᠷᠢ ᠪᠠᠭᠤᠯᠭᠠᠬᠤ ᠪᠣᠶᠤ ᠬᠡᠦᠬᠡᠨ ᠮᠣᠷᠳᠠᠭᠤᠯᠬᠤ ᠬᠤᠷᠢᠮ ᠬᠢᠪᠡᠯ ᠲᠡᠷᠡ ᠰᠢᠷᠡᠭᠡ ᠶᠢ ᠵᠢᠭᠡᠯᠡᠨ ᠵᠠᠷᠣᠳᠠᠭ᠃      ᠰᠦᠩ ᠵᠠᠰᠠᠬᠤ ᠵᠠᠩ ᠦᠢᠯᠡ ᠪᠣᠯ ᠮᠠᠨ ᠤ ᠮᠣᠩᠭᠤᠯ ᠦᠨᠳᠦᠰᠦᠲᠡᠨ ᠤ ᠡᠷᠲᠡ ᠳᠡᠭᠡᠳᠦ ᠠᠴᠠ ᠪᠠᠨ ᠤᠯᠠᠮᠵᠢᠯᠠᠵᠤ ᠢᠷᠡᠭᠰᠡᠨ ᠬᠤᠶᠠᠷ ᠬᠡᠦᠭᠡᠳ ᠤᠨ ᠬᠤᠣᠰ ᠪᠠᠶᠠᠷ ᠢ ᠪᠡᠯᠭᠡᠳᠡᠭᠰᠡᠨ ᠰᠣᠶᠣᠯ ᠮᠦᠨ᠂ ᠮᠦᠨ ᠴᠤ ᠬᠤᠷᠢᠮ ᠲᠥᠷᠥ ᠶᠢᠨ ᠬᠦᠨᠳᠦᠳᠬᠡᠭᠰᠡᠨ ᠵᠠᠩ ᠦᠢᠯᠡ ᠮᠦᠨ᠃ ᠰᠦᠩ ᠵᠠᠰᠠᠬᠤ ᠨᠢ ᠵᠦᠪᠬᠡᠨ ᠣᠷᠤᠭ ᠬᠤᠷᠢᠮ ᠳᠤ ᠬᠡᠷᠡᠭᠡᠯᠳᠡᠭ᠂ ᠪᠣᠰᠣᠳ ᠶᠠᠮᠠᠷ ᠨᠢᠭᠡᠨ ᠨᠠᠶᠢᠷ ᠬᠤᠷᠢᠮ᠂ ᠵᠢᠯ ᠤᠨ ᠪᠠᠶᠠᠷ᠂ ᠨᠠᠰᠤᠨ ᠪᠠᠶᠠᠷ᠂ ᠬᠡᠦᠬᠡᠳ ᠤᠨ ᠣᠢ᠂ ᠰᠠᠷ᠎ᠠ ᠶᠢᠨ ᠬᠤᠷᠢᠮ ᠳᠤ ᠰᠦᠩ ᠤᠨ ᠰᠢᠷᠡᠭᠡ ᠵᠠᠰᠠᠳᠠᠭ ᠦᠭᠡᠢ᠃      ᠰᠦᠩ ᠤᠨ ᠰᠢᠷᠡᠭᠡ ᠶᠢ ᠪᠠᠶᠢᠷᠢᠯᠠᠭᠤᠯᠬᠤ᠂ ᠰᠦᠩ ᠵᠠᠰᠠᠬᠤ ᠶᠣᠰᠣ ᠣᠴᠢᠷ᠃ ᠰᠦᠩ ᠤᠨ ᠪᠢᠴᠢᠬᠠᠨ ᠰᠢᠷᠡᠭᠡ ᠪᠠᠨ ᠡᠷᠬᠡᠪᠰᠢ ᠬᠤᠷᠢᠮ ᠤᠨ ᠭᠤᠣᠯ ᠰᠢᠷᠡᠭᠡᠨ ᠤ ᠡᠮᠦᠨ᠎ᠡ ᠪᠠᠶᠢᠷᠢᠯᠠᠭᠤᠯᠤᠨ᠎ᠠ᠃ ᠮᠣᠩᠭᠤᠯ ᠭᠡᠷ ᠲᠤ ᠪᠣᠯ ᠲᠤᠯᠭ᠎ᠠ ᠶᠢᠨ ᠬᠤᠶᠢᠨ᠎ᠠ ᠡᠮᠦᠨ᠎ᠡ ᠪᠦᠷ ᠪᠠᠶᠢᠷᠢᠯᠠᠭᠤᠯᠵᠤ ᠪᠣᠯᠣᠨ᠎ᠠ᠃ ᠪᠠᠶᠢᠰᠢᠩ ᠭᠡᠷ ᠪᠣᠯ ᠭᠤᠣᠯ ᠰᠢᠷᠡᠭᠡᠨ ᠤ ᠡᠮᠦᠨ᠎ᠡ ᠨᠢ ᠬᠠᠨᠵᠤᠨ ᠳᠡᠭᠡᠷ᠎ᠡ ᠪᠠᠶᠢᠷᠢᠯᠠᠭᠤᠯᠤᠨ᠎ᠠ᠃ ᠰᠦᠩ ᠤᠨ ᠰᠢᠷᠡᠭᠡᠨ ᠤ ᠳᠡᠭᠡᠷ᠎ᠡ ᠪᠠᠨ ᠬᠠᠳᠠᠭ ᠪᠣᠶᠣ ᠵᠣᠭᠤᠰ ᠢᠶᠠᠷ ᠳᠡᠪᠢᠰᠭᠡᠷ ᠲᠠᠯᠪᠢᠵᠤ ᠳᠡᠭᠡᠷ᠎ᠡ ᠨᠢ ᠬᠤᠣᠰ ᠮᠦᠩᠬᠦᠨ ᠠᠶᠠᠭ᠎ᠠ ᠪᠣᠶᠣ ᠪᠠᠶᠠᠨ ᠴᠠᠭᠠᠨ ᠬᠤᠨᠳᠠᠭᠠᠨ ᠳᠤ ᠠᠷᠢᠬᠢ ᠬᠡᠮᠨᠡᠵᠦ ᠲᠠᠯᠪᠢᠨ᠎ᠠ᠃ ᠡᠭᠦᠨ ᠤ ᠳᠠᠷᠠᠭ᠎ᠠ ᠰᠠᠶ᠋ᠢ ᠬᠤᠷᠢᠮ ᠤᠨ ᠭᠤᠣᠯ ᠰᠢᠷᠡᠭᠡᠨ ᠳᠡᠭᠡᠷ᠎ᠡ ᠪᠢᠴᠢᠬᠠᠨ ᠬᠤᠨᠳᠠᠭ᠎ᠠ ᠪᠠᠷ ᠬᠡᠮ ᠵᠠᠰᠠᠨ᠎ᠠ᠃ ᠭᠡᠬᠦ ᠳᠡᠭᠡᠨ ᠬᠤᠨᠳᠠᠭ᠎ᠠ ᠪᠠᠨ ᠵᠠᠪᠠᠯ ᠬᠤᠣᠰ ᠲᠤᠭ᠎ᠠ ᠪᠠᠷ ᠲᠠᠯᠪᠢᠬᠤ ᠬᠡᠷᠡᠭᠲᠡᠢ ᠪᠥᠭᠡᠳ ᠬᠠᠭᠠᠯᠭ᠎ᠠ ᠲᠠᠯ᠎ᠠ ᠶᠢ ᠨᠢ ᠳᠣᠲᠣᠭᠰᠢ ᠬᠠᠨᠳᠤᠭᠤᠯᠵᠤ ᠵᠠᠰᠠᠨ᠎ᠠ᠃ ᠵᠠᠰᠠᠵᠣ ᠲᠠᠯᠪᠢᠭᠰᠠᠨ ᠬᠡᠮ ᠤᠨ ᠬᠤᠨᠳᠠᠭᠠᠨ ᠳᠠᠭᠠᠨ ᠠᠷᠢᠬᠢ ᠪᠠᠨ ᠬᠡᠮᠨᠡᠭᠡᠳ ᠬᠤᠷᠢᠮ ᠳᠤ ᠵᠠᠯᠠᠷᠠᠵᠣ ᠰᠠᠭᠠᠲᠠᠭᠰᠠᠨ  ᠣᠷᠢᠶᠠᠯ ᠲᠠᠯ᠎ᠠ ᠶᠢᠨ ᠠᠬ᠎ᠠ ᠳᠡᠭᠦᠦ ᠣᠷᠤᠭ ᠤᠨ ᠲᠠᠯ᠎ᠠ ᠶᠢᠨ ᠵᠣᠴᠢᠨ ᠳᠤ ᠬᠤᠶᠠᠷ ᠰᠦᠩ ᠤᠨ ᠬᠡᠦᠬᠡᠳ ᠠᠷᠢᠬᠢ ᠪᠠᠷᠢᠳᠠᠭ ᠶᠣᠰᠣ ᠲᠠᠢ᠂ ᠭᠡᠬᠦ ᠳᠡᠭᠡᠨ ᠡᠷᠬᠡᠪᠰᠢ ᠭᠤᠣᠯ ᠰᠢᠷᠡᠭᠡᠨ ᠤ ᠬᠤᠷᠢᠮ ᠤᠨ ᠬᠤᠶᠠᠷ ᠲᠦᠷᠦᠬᠦᠦ ᠨᠣᠶᠠᠨ ᠠᠴᠠ ᠡᠬᠢᠯᠡᠵᠦ᠂ ᠬᠤᠶᠠᠷ ᠲᠡᠶᠢᠰᠢ ᠪᠠᠨ ᠬᠠᠭᠠᠯᠵᠤ ᠪᠠᠷᠢᠬᠤ ᠪᠤᠶᠤ ᠨᠠᠷᠠᠨ ᠤ ᠡᠷᠭᠢᠯᠲᠡ ᠪᠠᠷ ᠲᠤᠭᠤᠷᠢᠭᠤᠯᠤᠨ ᠪᠠᠷᠢᠬᠤ ᠴᠤ ᠪᠣᠢ᠂ ᠡᠭᠦᠨ ᠤ ᠳᠠᠷᠠᠭ᠎ᠠ ᠰᠠᠶ᠋ᠢ ᠪᠣᠰᠣᠳ ᠰᠢᠷᠡᠭᠡ ᠪᠠᠷ ᠪᠣᠰᠣᠳ ᠭᠡᠷ ᠲᠤ ᠠᠷᠢᠬᠢ ᠪᠠᠷᠢᠳᠠᠭ ᠶᠣᠰᠣ ᠣᠴᠢᠷ ᠲᠠᠢ᠂ ᠬᠤᠷᠢᠮ ᠤᠨ ᠭᠤᠣᠯ ᠰᠢᠷᠡᠭᠡ ᠭᠡᠳᠡᠭ ᠨᠢ ᠲᠣᠰ ᠡᠳᠦᠷ ᠤᠨ ᠬᠤᠷᠢᠮ ᠳᠤ ᠲᠤᠰᠬᠠᠶᠢᠯᠠᠨ ᠵᠠᠯᠠᠭᠰᠠᠨ ᠬᠤᠷᠢᠮ ᠤᠨ ᠲᠦᠷᠦᠭᠦᠦ ᠨᠣᠶᠣᠨ ᠲᠦᠰᠢᠮᠡᠯ᠂ ᠬᠤᠷᠢᠮ ᠬᠢᠵᠦ ᠪᠠᠶᠢᠬᠤ ᠠᠶᠢᠯ ᠤᠨ ᠭᠤᠣᠯ ᠪᠣᠯᠬᠤ ᠰᠠᠳᠣᠨ ᠲᠦᠷᠦᠯ ᠠᠶᠢᠯ ᠠᠶᠢᠮᠠᠭ ᠤᠨ ᠨᠠᠰᠣᠲᠠᠨ ᠲᠤᠮᠤᠭᠠᠲᠠᠳ ᠭᠤᠣᠯ ᠰᠢᠷᠡᠭᠡᠨ ᠳᠡᠭᠡᠷ᠎ᠡ ᠮᠣᠷᠢᠯᠠᠨ ᠰᠠᠭᠠᠲᠠᠳᠠᠭ ᠣᠴᠢᠷ ᠲᠠᠢ᠃      ᠦᠩᠭᠡᠷᠡᠭᠰᠡᠨ ᠳᠤ ᠬᠤᠷᠢᠮ ᠤᠨ ᠲᠦᠷᠦᠭᠦᠦ ᠨᠣᠶᠠᠨ ᠢ ᠡᠪᠦᠭᠡ ᠳᠡᠭᠡᠳᠦ ᠶᠢᠨ ᠣᠯᠠᠮᠵᠢᠯᠠᠯ ᠶᠣᠰᠣ ᠪᠠᠷ ᠡᠷᠬᠡᠪᠰᠢ ᠪᠣᠷᠵᠢᠭᠢᠨ ᠣᠪᠣᠭᠲᠠᠨ ᠢ ᠰᠣᠩᠭᠤᠵᠣ᠂ ᠬᠤᠷᠢᠮ ᠤᠨ ᠲᠦᠷᠦᠭᠦᠦ ᠨᠣᠶᠠᠨ ᠰᠠᠭᠤᠯᠭᠠᠳᠠᠭ᠃ ᠲᠦᠷᠦᠭᠦᠦ ᠨᠣᠶᠠᠨ ᠪᠤᠯᠤᠭᠰᠠᠨ ᠬᠦᠮᠦᠨ ᠨᠠᠰᠤ ᠵᠢᠯ ᠢᠶᠠᠷ ᠬᠡᠳᠦᠢ ᠪᠠᠭ᠎ᠠ ᠪᠣᠯᠪᠠᠴᠣ ᠬᠤᠶᠠᠷ ᠬᠠᠷᠢ ᠨᠢᠭᠡ ᠲᠥᠷᠦ ᠶᠢᠨ ᠭᠤᠣᠯ ᠪᠣᠯᠬᠤ ᠬᠦᠮᠦᠰ ᠲᠠᠢ ᠳᠡᠭᠡᠷ᠎ᠡ ᠰᠢᠷᠡᠭᠡᠨ ᠳᠡᠭᠡᠷ᠎ᠡ ᠰᠠᠭᠤᠬᠤ ᠶᠤᠰᠤ ᠲᠠᠢ ᠪᠦᠭᠡᠳ ᠬᠤᠷᠢᠮ ᠤᠨ ᠶᠣᠰᠤ ᠣᠴᠢᠷ ᠳᠡᠰ ᠳᠠᠷᠠᠭᠠᠯᠠᠯ ᠢ ᠵᠠᠬᠢᠷᠴᠣ ᠶᠠᠪᠤᠭᠤᠯᠬᠤ ᠡᠷᠬᠡ ᠲᠠᠢ᠃ ᠬᠤᠷᠢᠮ ᠳᠠᠭᠠᠭᠠᠭᠰᠠᠨ ᠳᠠᠭᠠᠭᠠᠮᠠᠯ ᠬᠤᠷᠢᠮ ᠤᠨ ᠳᠡᠰ ᠳᠠᠷᠠᠭ᠎ᠠ ᠶᠢ ᠶᠠᠪᠣᠭᠤᠯᠬᠤ ᠳᠠᠭᠠᠨ ᠰᠦᠩ ᠤᠨ ᠬᠤᠶᠠᠷ ᠬᠤᠨᠳᠠᠭᠠᠨ ᠳᠡᠭᠡᠷ᠎ᠡ ᠪᠠᠨ ᠠᠷᠢᠬᠢ ᠬᠡᠮᠨᠡᠭᠡᠳ᠂ ᠳᠠᠷᠠᠭ᠎ᠠ ᠨᠢ ᠬᠤᠷᠢᠮ ᠤᠨ ᠬᠤᠶᠠᠷ ᠲᠦᠷᠦᠭᠦᠦ ᠨᠣᠶᠠᠨ ᠳᠤ ᠠᠷᠢᠬᠢ ᠪᠠᠷᠢᠵᠤ ᠵᠦᠪᠰᠢᠶᠡᠷᠡᠯ ᠠᠪᠬᠤ ᠶᠤᠰᠣ ᠣᠴᠢᠷ ᠲᠠᠢ᠃ ᠬᠤᠷᠢᠮ ᠳᠤ ᠣᠯᠠᠨ ᠠᠷᠪᠢᠨ ᠶᠤᠰᠤ ᠣᠴᠢᠷ ᠪᠠᠶᠢᠳᠠᠭ᠃ ᠵᠢᠱᠢᠶᠡᠯᠡᠪᠡᠯ᠂ ᠬᠦᠷᠭᠡᠨ ᠬᠡᠦᠬᠡᠨ ᠲᠤᠯᠤᠭᠠᠢ ᠮᠦᠷᠭᠦᠭᠦ᠂ ᠠᠶᠠᠭ᠎ᠠ ᠰᠣᠯᠢᠵᠤ ᠳᠤᠭᠤᠷ᠎ᠠ ᠣᠷᠣᠭᠤᠯᠬᠤ᠂ ᠠᠶᠠᠰ ᠮᠡᠳᠡᠭᠦᠯᠵᠦ ᠳᠠᠭᠤᠣ ᠳᠠᠭᠤᠯᠠᠬᠤ᠂ ᠬᠦᠷᠭᠡᠨ ᠬᠤᠪᠴᠠᠯᠠᠵᠤ ᠱᠥᠯᠦ ᠣᠷᠣᠭᠤᠯᠬᠤ᠂ ᠬᠠᠯᠠᠭᠤᠨ ᠬᠤᠷᠢᠮ ᠮᠡᠳᠡᠭᠦᠯᠵᠦ᠂ ᠪᠤᠳᠠᠭ᠎ᠠ ᠣᠷᠣᠭᠤᠯᠬᠤ ᠵᠡᠷᠭᠡ ᠣᠯᠠᠨ ᠵᠠᠩ ᠦᠢᠯᠡ ᠶᠣᠰᠣ ᠪᠠᠶᠢᠳᠠᠭ᠃ ᠡᠳᠡᠭᠡᠷ ᠶᠣᠰᠣ ᠣᠴᠢᠷ ᠢ ᠶᠠᠪᠤᠭᠤᠯᠬᠤ ᠳᠤ ᠵᠠᠪᠠᠯ ᠤᠷᠢᠳ ᠢᠶᠠᠷ ᠰᠦᠩ ᠤᠨ ᠬᠤᠶᠠᠷ ᠬᠤᠨᠳᠠᠭᠠᠨ ᠳᠤ ᠠᠷᠢᠬᠢ ᠨᠡᠮᠡᠵᠦ᠂ ᠬᠤᠷᠢᠮ ᠤᠨ ᠬᠤᠶᠠᠷ ᠨᠣᠶᠠᠨ ᠳᠤ ᠠᠷᠢᠬᠢ ᠪᠠᠷᠢᠵᠤ ᠵᠦᠪᠰᠢᠶᠡᠷᠡᠯ ᠠᠪᠬᠤ ᠪᠣᠯᠪᠠᠰᠣᠨ ᠵᠠᠩ ᠦᠢᠯᠡ ᠪᠠᠶᠢᠳᠠᠭ᠃ ᠰᠦᠩ ᠤᠨ ᠬᠤᠨᠳᠠᠭ᠎ᠠ ᠶᠢ ᠡᠨᠡ ᠠᠶᠢᠯ ᠤᠨ ᠬᠤᠷᠢᠮ ᠨᠠᠶᠢᠷ ᠲᠡᠭᠦᠰᠲᠡᠯ᠎ᠡ ᠬᠥᠳᠡᠯᠭᠡᠵᠦ ᠪᠣᠯᠬᠤ ᠦᠭᠡᠢ ᠶᠣᠰᠣ ᠣᠴᠢᠷ ᠲᠠᠢ᠃      ᠰᠦᠩ ᠤᠨ ᠬᠤᠨᠳᠠᠭ᠎ᠠ ᠪᠣᠯ ᠲᠣᠰ ᠡᠳᠦᠷ ᠢ ᠬᠤᠷᠢᠮ ᠤᠨ ᠭᠤᠣᠯ ᠬᠦᠮᠦᠨ ᠪᠣᠯᠬᠤ ᠬᠤᠶᠠᠷ ᠬᠡᠦᠭᠡᠳ ᠤᠨ ᠬᠤᠵᠢᠮ ᠤᠨ ᠠᠮᠢᠳᠣᠷᠠᠯ ᠤᠨ ᠠᠯᠢᠪᠠ ᠰᠠᠶᠢᠨ ᠰᠠᠶᠢᠬᠠᠨ ᠢ ᠪᠡᠯᠭᠡᠳᠡᠭᠰᠡᠨ ᠬᠤᠣᠰ ᠬᠤᠨᠳᠠᠭ᠎ᠠ ᠪᠣᠯᠣᠨ᠎ᠠ᠃ ᠨᠢᠭᠡ ᠳᠤ ᠬᠤᠶᠠᠷ ᠬᠡᠦᠭᠡᠳ ᠤᠨ ᠪᠡᠶ᠎ᠡ ᠪᠦᠲᠦᠵᠦ ᠬᠤᠣᠰᠯᠠᠭᠰᠠᠨ ᠬᠤᠣᠰ ᠪᠠᠶᠠᠷ᠂ ᠬᠤᠶᠠᠷ ᠲᠤ ᠬᠤᠶᠠᠷ ᠠᠶᠢᠯ ᠢ ᠣᠶᠢᠷᠠᠲᠤᠭᠤᠯᠵᠤ ᠬᠤᠲᠠ ᠣᠷᠤᠭ ᠪᠣᠯᠣᠭᠰᠠᠨ ᠬᠤᠣᠰ ᠪᠠᠶᠠᠷ᠂ ᠭᠤᠷᠪᠠ ᠳᠤ ᠬᠤᠶᠠᠷ ᠬᠡᠦᠬᠡᠳ ᠤᠨ ᠰᠢᠨ᠎ᠡ ᠠᠮᠢᠳᠣᠷᠠᠯ ᠢᠶᠠᠨ ᠡᠬᠢᠯᠡᠭᠦᠯᠦᠭᠰᠡᠨ ᠬᠤᠣᠰ ᠪᠠᠶᠠᠷ ᠢ ᠪᠡᠯᠭᠡᠳᠡᠵᠦ᠂ ᠬᠤᠣᠰ ᠠᠶᠠᠭᠠᠨ ᠳᠤ ᠠᠷᠢᠬᠢ ᠳᠦᠭᠦᠷᠭᠡᠵᠦ᠂ ᠬᠡᠵᠢᠶ᠎ᠡ ᠡᠭᠦᠷᠢᠳᠡ ᠪᠠᠨ ᠳᠣᠨᠳᠠᠷᠠᠰᠢ ᠦᠭᠡᠢ ᠳᠦᠭᠦᠷᠡᠩ᠂ ᠳᠣᠲᠠᠰᠢ ᠦᠭᠡᠢ ᠪᠠᠶᠠᠨ᠂ ᠡᠪᠡᠳᠴᠢᠨ ᠵᠣᠪᠠᠯᠠᠩ ᠦᠭᠡᠢ ᠡᠩᠬᠡ ᠮᠡᠨᠳᠦ᠂ ᠦᠷ᠎ᠡ ᠬᠡᠦᠭᠡᠳ ᠲᠠᠢ ᠪᠣᠯᠵᠤ᠂ ᠦᠨᠳᠦᠰᠦ ᠨᠠᠮᠠᠭ᠎ᠠ ᠵᠠᠯᠭᠠᠬᠤ ᠪᠠᠷ ᠪᠡᠯᠭᠡᠳᠡᠭᠰᠡᠨ ᠮᠤᠩᠭᠤᠯ ᠤᠨ ᠪᠣᠯᠪᠠᠰᠣᠨ ᠰᠠᠶᠢᠬᠠᠨ ᠰᠣᠶᠣᠯ  ᠵᠠᠩ ᠦᠢᠯᠡ ᠪᠤᠯᠤᠨ᠎ᠠ᠃        ᠡᠪᠴᠢᠭᠦᠴᠢᠨ · ᠳᠣᠨᠤᠷᠤᠪ ᠤᠨ ︽ᠠᠷᠣ ᠬᠤᠷᠴᠢᠨ ᠨᠤᠲᠤᠭ ᠤᠨ ᠤᠯᠠᠮᠵᠢᠯᠠᠯᠲᠤ ᠰᠣᠶᠣᠯ︾ ᠭᠡᠬᠦ ᠨᠣᠮ ᠠᠴᠠ ᠰᠤᠩᠭᠤᠪᠠ  
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号