ᠬᠤᠰᠠᠷᠠᠩ ᠦᠨᠢᠶ᠎ᠡ ᠶᠢ ᠰᠠᠭᠠᠬᠤ ᠴᠢᠬᠤᠯᠠ ᠲᠠᠢ ᠦᠶ᠎ᠡ ᠳᠤ ᠪᠢᠷᠠᠭᠤ ᠳᠠᠭᠠᠨ ᠱᠦᠷᠭᠡ ᠵᠡᠭᠦᠯᠭᠡᠵᠦ ᠡᠬᠡ ᠶᠢ | ᠨᠢ ᠳᠠᠭᠠᠭᠤᠯᠤᠨ ᠰᠦᠷᠦᠭ ᠲᠤ ᠶᠠᠪᠤᠭᠤᠯᠵᠤ᠂ ᠦᠷᠯᠦᠭᠡ ᠤᠷᠤᠢ ᠳᠠᠭᠠᠨ ᠦᠨᠢᠶ᠎ᠡ ᠪᠠᠨ ᠰᠠᠭᠠᠳᠠᠭ᠃ ᠤᠷᠤᠢ | ᠳᠠᠭᠠᠨ ᠮᠠᠯ ᠭᠠᠳᠠᠨ᠎ᠠ ᠪᠠᠨ ᠢᠷᠡᠭᠰᠡᠨ ᠤ ᠰᠡᠭᠦᠯᠡᠷ ᠦᠨᠢᠶ᠎ᠡ ᠪᠢᠷᠠᠭᠤ ᠪᠠᠨ ᠬᠦᠭᠡᠵᠦ ᠢᠷᠡᠭᠡᠳ ᠪᠢᠷᠠᠭᠤ ᠶᠢᠨ ᠱᠦᠷᠭᠡ | ᠶᠢ ᠠᠪᠤᠭᠠᠳ ᠡᠬᠡ ᠶᠢ ᠨᠢ ᠮᠦᠮᠦᠭᠦᠯᠵᠦ ᠢᠪᠢᠯᠭᠡᠨ ᠦᠨᠢᠶ᠎ᠡ ᠪᠠᠨ ᠰᠠᠭᠠᠵᠤ ᠪᠠᠷᠠᠭᠰᠠᠨ ᠤ ᠰᠡᠭᠦᠯᠡᠷ ᠳᠠᠬᠢᠨ ᠪᠢᠷᠠᠭᠤ | ᠳᠠᠭᠠᠨ ᠱᠦᠷᠭᠡ ᠶᠢ ᠨᠢ ᠵᠡᠭᠦᠯᠭᠡᠵᠦ ᠡᠬᠡ ᠶᠢ ᠨᠢ ᠳᠠᠭᠠᠭᠤᠯᠵᠤ ᠰᠦᠷᠦᠭ ᠲᠤ ᠶᠠᠪᠤᠭᠤᠯᠤᠨ᠎ᠠ᠃ ᠡᠨᠡ ᠬᠦ ᠠᠷᠭ᠎ᠠ ᠨᠢ | ᠪᠢᠷᠠᠭᠤ ᠶᠢ ᠰᠦᠷᠦᠭ ᠠᠴᠠ ᠦᠯᠡᠳᠡᠭᠡᠨ ᠬᠠᠷᠢᠭᠤᠯᠬᠤ ᠶᠠᠪᠤᠳᠠᠯ ᠦᠭᠡᠢ ᠪᠦᠭᠡᠳ ᠮᠢᠬ᠎ᠠ ᠳᠠᠷᠭᠤ ᠠᠪᠬᠤ ᠳᠤ | ᠠᠰᠢᠭᠳᠠᠢ᠃ ᠬᠤᠰᠠᠷᠠᠩ ᠤᠨ ᠪᠢᠷᠠᠭᠤᠨ ᠳᠤ ᠵᠡᠭᠦᠯᠭᠡᠬᠦ ᠱᠦᠷᠭᠡ ᠬᠤᠶᠠᠷ ᠵᠦᠢᠯ ᠪᠤᠢ᠃ ᠨᠢᠭᠡ ᠨᠢ ᠮᠤᠳᠤᠨ ᠱᠦᠷᠭᠡ | ᠃ ᠮᠤᠳᠤᠨ ᠱᠦᠷᠭᠡ ᠶᠢ ᠬᠢᠬᠦ ᠳᠤ ᠡᠷᠡᠬᠡᠢ ᠬᠤᠷᠤᠭᠤ ᠠᠴᠠ ᠪᠦᠳᠦᠭᠦᠨ ᠬᠤᠶᠠᠷ ᠲᠤᠬᠤᠢ ᠰᠢᠬᠠᠮ ᠤᠷᠳᠤ ᠲᠦᠷᠪᠡᠨ | ᠮᠤᠳᠤ ᠶᠢ ᠶᠠᠷ᠎ᠠ ᠭᠡᠰᠢᠭᠦᠦ ᠶᠢ ᠨᠢ ᠵᠠᠰᠠᠵᠤ ᠮᠤᠩᠭᠤᠯ ᠭᠡᠷ ᠤᠨ ᠬᠠᠨ᠎ᠠ ᠦᠳᠡᠬᠦ ᠰᠢᠭ ᠦᠵᠦᠭᠦᠷ ᠦᠵᠦᠭᠦᠷ ᠢᠶᠠᠷ | ᠨᠢ ᠬᠤᠯᠪᠤᠵᠤ ᠰᠤᠷ ᠢᠶᠠᠷ ᠦᠳᠡᠨ᠎ᠡ᠃ ᠱᠦᠷᠭᠡ ᠬᠢᠬᠦ ᠮᠤᠳᠤᠨ ᠤ ᠤᠷᠳᠤ ᠤᠬᠤᠷ ᠢ ᠪᠢᠷᠠᠭᠤ ᠶᠢᠨ ᠲᠤᠯᠤᠭᠠᠢ ᠶᠢᠨ | ᠶᠡᠭᠡ ᠪᠠᠭ᠎ᠠ ᠪᠠᠷ ᠲᠤᠭᠳᠠᠭᠠᠵᠤ᠂ ᠡᠮᠦᠨ᠎ᠡ ᠦᠵᠦᠭᠦᠷ ᠤᠨ ᠬᠤᠶᠠᠷ ᠮᠤᠳᠤ ᠶᠢ ᠱᠤᠷ ᠭᠠᠷᠭᠠᠨ᠎ᠠ᠃ ᠱᠦᠷᠭᠡ ᠶᠢ | ᠪᠢᠷᠠᠭᠤᠨ ᠤ ᠲᠤᠯᠤᠭᠠᠢ ᠳᠤ ᠵᠡᠭᠦᠯᠭᠡᠬᠦ ᠳᠡᠭᠡᠨ ᠲᠤᠬᠤ ᠶᠢᠨ ᠳᠠᠯ᠎ᠠ ᠶᠢ ᠪᠢᠷᠠᠭᠤ ᠶᠢᠨ ᠡᠪᠡᠷ ᠤᠨ ᠬᠤᠶᠢᠭᠤᠷ ᠤᠭᠯᠠᠵᠤ | ᠵᠡᠭᠦᠯᠭᠡᠵᠦ᠂ ᠡᠷᠡᠦ ᠪᠠ ᠬᠦᠵᠦᠭᠦᠦ ᠶᠢᠨ ᠲᠤᠤᠭᠤᠷ ᠨᠢ ᠨᠤᠭᠳᠤ ᠶᠢᠨ ᠡᠷᠡᠦᠪᠴᠢ ᠰᠡᠯᠳᠦᠷᠡᠭᠡ ᠠᠳᠠᠯᠢ ᠤᠭᠤᠰᠤᠷ | ᠳᠠᠭᠠᠷᠠᠭᠤᠯᠵᠤ ᠤᠶᠠᠵᠤ ᠵᠡᠭᠦᠯᠭᠡᠨ᠎ᠡ᠃ ᠤᠳᠤ ᠨᠢᠭᠡ ᠵᠦᠢᠯ ᠨᠢ ᠵᠠᠷᠠᠭ᠎ᠠ ᠶᠢᠨ ᠱᠦᠷᠭᠡ ᠭᠡᠳᠡᠭ᠃ ᠵᠠᠷᠠᠭ᠎ᠠ ᠶᠢᠨ | ᠱᠦᠷᠭᠡ ᠶᠢ ᠬᠢᠬᠦ ᠳᠤ ᠰᠤᠷ ᠪᠤᠶᠤ ᠳᠡᠭᠡᠰᠦ ᠪᠠᠷ ᠪᠢᠷᠠᠭᠤ ᠶᠢᠨ ᠲᠤᠯᠤᠭᠠᠢ ᠳᠤ ᠳᠠᠭᠠᠷᠠᠭᠰᠠᠨ ᠨᠤᠭᠳᠤ ᠵᠤᠬᠢᠶᠠᠵᠤ | ᠬᠠᠮᠠᠷ ᠤᠨ ᠳᠡᠭᠡᠷ᠎ᠡ ᠳᠠᠯ᠎ᠠ ᠶᠢᠨ ᠦᠷᠭᠡᠨ ᠰᠢᠭ ᠰᠤᠷ ᠢᠶᠠᠷ ᠬᠢᠬᠦ ᠪᠤᠶᠤ ᠮᠠᠭᠤ ᠭᠤᠳᠤᠯ ᠱᠠᠬᠠᠢ ᠶᠢᠨ ᠵᠤᠯᠤᠭ ᠲᠦᠷᠡᠢ | ᠶᠢᠨ ᠤᠶᠤᠳᠠᠯ ᠲᠠᠢ ᠪᠦᠰ ᠢ ᠬᠠᠳᠠᠵᠤ ᠤᠶᠤᠭᠠᠳ᠂ ᠲᠡᠷᠡ ᠳᠡᠭᠡᠷ᠎ᠡ ᠪᠠᠨ ᠵᠠᠷᠠᠭ᠎ᠠ ᠶᠢᠨ ᠠᠷᠠᠰᠤ ᠶᠢ ᠬᠠᠳᠠᠵᠤ ᠬᠢᠨ᠎ᠡ | ᠃ ᠦᠨᠢᠶ᠎ᠡ ᠪᠠᠨ ᠰᠠᠭᠠᠵᠣ ᠪᠠᠷᠠᠪᠠᠯ ᠳᠠᠬᠢᠨ ᠪᠢᠷᠠᠭᠤᠨ ᠳᠠᠭᠠᠨ ᠱᠦᠷᠭᠡ ᠶᠢ ᠵᠡᠭᠦᠯᠭᠡᠵᠦ ᠳᠠᠯᠪᠢᠨ᠎ᠠ᠃ | ᠬᠤᠰᠠᠷᠠᠩ ᠦᠨᠢᠶ᠎ᠡ ᠶᠢ ᠰᠠᠭᠠᠬᠤ ᠴᠢᠬᠤᠯᠠ ᠦᠭᠡᠢ᠂ ᠰᠦ ᠶᠢ ᠨᠢ ᠰᠢᠷᠭᠢᠬᠡᠬᠦ ᠴᠢᠬᠤᠯᠠ ᠲᠠᠢ ᠪᠤᠯ ᠪᠢᠷᠠᠭᠤ | ᠳᠠᠭᠠᠨ ᠮᠤᠳᠤᠨ ᠬᠠᠮᠠᠷ ᠪᠤᠶᠤ ᠪᠠᠩᠵᠠ ᠪᠠᠷ ᠪᠤᠶᠢᠷᠠᠭ ᠬᠢᠵᠦ ᠬᠠᠮᠠᠷ ᠲᠤᠨᠢ ᠵᠡᠭᠦᠯᠭᠡᠵᠦ ᠳᠠᠯᠪᠢᠨ᠎ᠠ᠃ ᠮᠤᠳᠤᠨ ᠬᠠᠮᠠᠷ | ᠬᠢᠬᠦ ᠳᠤ ᠰᠠᠪᠬ᠎ᠠ ᠠᠴᠠ ᠪᠦᠳᠦᠭᠦᠨ ᠰᠢᠭ ᠨᠤᠶᠢᠳᠠᠨ ᠰᠠᠯᠠᠭ᠎ᠠ ᠲᠠᠢ ᠳᠡᠯᠳᠦ ᠪᠤᠶᠤ ᠬᠠᠶᠢᠯᠠᠰᠤᠨ ᠮᠤᠳᠤ ᠪᠠᠷ ᠬᠢᠨ᠎ᠡ᠃ | ᠰᠠᠯᠠᠭ᠎ᠠ ᠲᠠᠢ ᠮᠤᠳᠤᠨ ᠤ ᠬᠤᠶᠠᠷ ᠳᠠᠯ᠎ᠠ ᠶᠢᠨ ᠭᠤᠷᠪᠠᠨ ᠦᠵᠦᠭᠦᠷ ᠲᠤ ᠪᠦᠷ ᠱᠤᠷᠤ ᠭᠠᠷᠭᠠᠵᠤ ᠰᠠᠯᠠᠭ᠎ᠠ ᠮᠤᠳᠤ | ᠶᠢ ᠨᠤᠮᠤ ᠶᠢᠨ ᠬᠡᠯᠪᠡᠷᠢᠳᠠᠢ ᠮᠡᠳᠠᠵᠤ ᠭᠤᠤᠯ ᠮᠤᠳᠤᠨ ᠤ ᠦᠵᠦᠭᠦᠷ ᠲᠤ ᠰᠤᠯᠪᠢᠵᠤ ᠤᠶᠠᠵᠤ ᠬᠠᠳᠠᠭᠠᠭᠠᠳ ᠰᠠᠶ᠋ᠢ | ᠪᠢᠷᠠᠭᠤ ᠶᠢᠨ ᠬᠠᠮᠠᠷ ᠤᠨ ᠳᠠᠰᠤᠯᠪᠤᠷᠢ ᠶᠢᠨ ᠨᠢᠮᠭᠡᠨ ᠮᠦᠬᠡᠷᠰᠦ ᠶᠢ ᠬᠦᠨᠳᠡᠯᠡᠨ ᠴᠤᠭᠤᠯᠵᠤ ᠲᠡᠷᠡ ᠨᠦᠬᠡ ᠪᠠᠷ ᠬᠠᠮᠠᠷ | ᠤᠨ ᠮᠤᠳᠤᠨ ᠤ ᠮᠠᠳᠠᠭᠰᠠᠨ ᠳᠠᠯ᠎ᠠ ᠶᠢ ᠰᠢᠷᠭᠤᠭᠤᠯᠵᠤ ᠭᠤᠤᠯ ᠮᠤᠳᠤᠨ ᠳᠤᠨᠢ ᠰᠤᠯᠪᠢᠴᠠᠨ ᠤᠶᠠᠵᠤ ᠪᠢᠷᠠᠭᠤ ᠶᠢᠨ | ᠬᠠᠮᠠᠷ ᠲᠤ ᠵᠡᠭᠦᠯᠭᠡᠵᠦ ᠳᠠᠯᠪᠢᠨ᠎ᠠ᠃ ᠪᠠᠩᠵᠠ ᠪᠠᠷ ᠬᠢᠭᠰᠡᠨ ᠪᠤᠶᠢᠷᠠᠭ ᠢ ᠬᠢᠬᠦ ᠳᠤ ᠲᠦᠭᠡ ᠢᠯᠡᠭᠦᠦ ᠤᠷᠳᠤ᠂ | ᠲᠦᠷᠪᠡᠨ ᠬᠤᠷᠤᠭᠤ ᠦᠷᠭᠡᠨ᠂ ᠬᠤᠷᠤᠭᠤ ᠵᠤᠵᠠᠭᠠᠨ ᠬᠠᠪᠳᠠᠰᠤ ᠮᠤᠳᠤ ᠪᠠᠷ ᠬᠢᠨ᠎ᠡ᠃ ᠬᠠᠪᠳᠠᠰᠤᠨ ᠮᠤᠳᠤᠨ ᠤ | ᠤᠷᠳᠤ ᠳᠠᠯ᠎ᠠ ᠶᠢᠨ ᠬᠦᠪᠡᠭᠡ ᠶᠢᠨ ᠳᠤᠮᠳᠠ ᠬᠡᠰᠡᠭ ᠲᠤ ᠬᠤᠷᠤᠭᠤ ᠳᠤᠳᠤᠷ᠎ᠠ ᠤᠷᠳᠤ ᠳᠦᠷᠪᠡᠯᠵᠢᠨ ᠨᠦᠬᠡ | ᠴᠤᠭᠤᠯᠵᠤ ᠨᠠᠷᠢᠨ ᠰᠡᠳᠡᠷᠬᠡᠢ ᠠᠮᠠ ᠭᠠᠷᠭᠠᠵᠤ ᠭᠠᠷ ᠤᠨ ᠪᠠᠭᠤᠪᠴᠢ ᠶᠢᠨ ᠠᠮᠠ ᠰᠢᠭ᠋ ᠪᠤᠯᠭᠠᠨ᠎ᠠ᠃ ᠪᠤᠶᠢᠷᠠᠭ ᠢ | ᠪᠢᠷᠠᠭᠤ ᠶᠢᠨ ᠬᠠᠮᠠᠷ ᠲᠤ ᠵᠡᠭᠦᠯᠭᠡᠬᠦ ᠳᠡᠭᠡᠨ ᠬᠠᠮᠠᠷ ᠤᠨ ᠳᠠᠰᠤᠯᠪᠤᠷᠢ ᠶᠢ ᠭᠠᠳᠠᠭᠰᠢ ᠳᠠᠳᠠᠵᠤ ᠪᠤᠶᠢᠷᠠᠭ ᠤᠨ ᠰᠡᠳᠡᠷᠬᠡᠢ | ᠠᠮᠠ ᠪᠠᠷ ᠰᠢᠬᠠᠨ ᠤᠷᠤᠭᠤᠯᠵᠤ ᠵᠡᠭᠦᠯᠭᠡᠨ᠎ᠡ᠃ ᠦᠨᠢᠶ᠎ᠡ ᠶᠢᠨ ᠰᠦ ᠰᠢᠷᠭᠢᠵᠦ ᠪᠢᠷᠠᠭᠤ ᠡᠬᠡ ᠪᠠᠨ ᠮᠦᠮᠦᠬᠦ ᠪᠠᠨ | ᠮᠠᠷᠳᠠᠭᠰᠠᠨ ᠤ ᠰᠡᠭᠦᠯᠡᠷ ᠬᠠᠮᠠᠷ ᠪᠤᠶᠤ ᠪᠤᠶᠢᠷᠠᠭ ᠢ ᠠᠪᠴᠤ ᠬᠤᠷᠢᠶᠠᠵᠤ ᠳᠠᠯᠪᠢᠭᠠᠳ ᠳᠠᠷᠠᠭ᠎ᠠ ᠵᠢᠯ ᠨᠢ ᠪᠠᠰᠠ | ᠬᠡᠷᠡᠭᠯᠡᠵᠦ ᠪᠤᠯᠤᠨ᠎ᠠ᠃ ᠡᠨᠡ ᠬᠦ ᠠᠷᠭ᠎ᠠ ᠨᠢ ᠦᠨᠢᠶ᠎ᠡ ᠶᠢᠨ ᠮᠢᠬ᠎ᠠ ᠳᠠᠷᠭᠤ ᠶᠢ ᠪᠠᠳᠤᠯᠠᠬᠤ ᠪᠠ ᠤᠷᠤᠭ᠎ᠠ ᠤᠷᠤᠬᠤ | ᠳᠤ ᠠᠰᠢᠭᠳᠠᠢ ᠪᠦᠭᠡᠳ ᠪᠢᠷᠠᠭᠤ ᠶᠢᠨ ᠡᠪᠡᠰᠦ ᠢᠳᠡᠵᠦ ᠤᠰᠤ ᠤᠤᠭᠤᠬᠤ ᠳᠤ ᠬᠠᠷᠰᠢ ᠪᠤᠯᠬᠤ ᠦᠭᠡᠢ ᠶᠤᠮ᠃ | ᠮᠠᠯᠵᠢᠬᠤ ᠤᠷᠤᠨ ᠳᠤ ᠤᠯᠠᠩᠬᠢ ᠠᠶᠢᠯ ᠬᠤᠰᠠᠷᠠᠩ ᠦᠨᠢᠶ᠎ᠡ ᠪᠠᠨ ᠰᠠᠭᠠᠳᠠᠭ᠃ ᠤᠴᠢᠷ ᠨᠢ ᠬᠤᠰᠠᠷᠠᠩ ᠤᠨ | ᠰᠦ ᠪᠤᠯ ᠠᠭᠰᠢᠭᠤᠨ ᠪᠤᠯᠬᠤᠷ ᠦᠷᠦᠮ᠎ᠡ ᠰᠠᠭᠤᠬᠤ ᠨᠢ ᠰᠠᠶᠢᠨ ᠪᠠᠶᠢᠳᠠᠭ᠃ ᠪᠢᠷᠠᠭᠤ ᠶᠢ ᠲᠤᠭᠤᠯ ᠲᠠᠢ | ᠬᠠᠷᠢᠭᠤᠯᠪᠠᠯ ᠬᠦᠯ ᠳᠠᠭᠠᠷᠠᠬᠤ ᠦᠭᠡᠢ ᠪᠦᠭᠡᠳ ᠦᠰᠦᠯᠳᠡ ᠪᠤᠶᠢᠵᠢᠯᠳᠠ ᠶᠢ ᠨᠦᠯᠦᠭᠡᠯᠡᠨ᠎ᠡ᠃ ᠡᠶᠢᠮᠦ ᠠᠴᠠ | ᠬᠤᠰᠠᠷᠠᠩ ᠦᠨᠢᠶ᠎ᠡ ᠶᠢᠨ ᠪᠢᠷᠠᠭᠤ ᠳᠤ ᠱᠦᠷᠭᠡ ᠵᠡᠭᠦᠯᠭᠡᠵᠦ ᠡᠬᠡ ᠪᠠᠨ ᠮᠦᠮᠦᠬᠦ ᠶᠢ ᠬᠢᠵᠠᠭᠠᠷᠯᠠᠬᠤ ᠠᠷᠭ᠎ᠠ ᠪᠤᠢ | ᠪᠤᠯᠵᠠᠢ᠃ ᠡᠨᠡ ᠬᠦ ᠠᠷᠭ᠎ᠠ ᠮᠠᠶ᠋ᠢᠭ ᠨᠢ ᠮᠤᠩᠭᠤᠯᠴᠤᠳ ᠤᠨ ᠮᠠᠯ ᠠᠵᠤ ᠠᠬᠤᠢ ᠶᠢᠨ ᠦᠢᠯᠡᠳᠦᠯᠭᠡ ᠳᠤᠮᠳᠠᠬᠢ | ᠡᠭᠦᠳᠦᠯᠳᠡ ᠪᠠᠶᠢᠵᠤ᠂ ᠮᠠᠰᠢ ᠳᠦᠭᠦᠮ ᠪᠦᠳᠦᠮᠵᠢᠳᠠᠢ ᠰᠠᠶᠢᠨ ᠠᠷᠭ᠎ᠠ ᠪᠤᠯᠬᠤ ᠶᠤᠮ᠃ | | ᠡᠪᠴᠢᠭᠦᠴᠢᠨ · ᠳᠣᠨᠤᠷᠤᠪ ᠤᠨ ︽ᠠᠷᠣ ᠬᠤᠷᠴᠢᠨ ᠨᠤᠲᠤᠭ ᠤᠨ ᠤᠯᠠᠮᠵᠢᠯᠠᠯᠲᠤ ᠰᠣᠶᠣᠯ︾ ᠭᠡᠬᠦ | ᠨᠣᠮ ᠠᠴᠠ ᠰᠤᠩᠭᠤᠪᠠ |