ᠨᠢᠭᠡ᠂ ᠬᠤᠨᠢᠨ ᠤᠩᠭᠠᠰᠣ᠃ ᠬᠤᠨᠢ ᠤᠩᠭᠠᠰᠤ ᠪᠠᠷ ᠮᠤᠩᠭᠤᠯ ᠭᠡᠷ ᠤᠨ ᠳᠡᠭᠡᠪᠦᠷ᠂ ᠲᠤᠭᠤᠷᠭ᠎ᠠ᠂ ᠡᠷᠦᠬᠡ᠂ | ᠬᠦᠯᠳᠦᠷᠭᠡ᠂ ᠡᠭᠦᠳᠡ ᠬᠢᠬᠦ ᠪᠦᠭᠡᠳ ᠮᠤᠩᠭᠤᠯ ᠭᠡᠷ ᠲᠤ ᠳᠡᠪᠢᠰᠬᠦ ᠰᠢᠷᠢᠳᠡᠭ ᠤᠯᠪᠤᠭ᠂ ᠤᠷᠤ ᠶᠢᠨ ᠢᠰᠡᠭᠡᠢ᠂ | ᠣᠶᠢᠮᠤᠰᠤ᠂ ᠲᠤᠭᠤᠭᠠᠨ ᠤ ᠪᠠᠷᠢᠭᠤᠯ ᠳᠤ ᠬᠦᠷᠳᠡᠯ᠎ᠡ ᠬᠢᠳᠡᠭ᠃ ᠢᠰᠡᠭᠡᠢ ᠬᠢᠬᠦ ᠭᠡᠳᠡᠭ ᠨᠢ ᠪᠢᠷᠠᠭᠤ ᠶᠢᠨ ᠠᠷᠠᠰᠤ ᠶᠢ | ᠬᠦᠷᠦᠰᠦ ᠶᠢ ᠨᠢ ᠳᠡᠭᠡᠭᠰᠢ ᠬᠠᠨᠳᠤᠭᠤᠯᠤᠨ ᠳᠡᠪᠢᠰᠦᠭᠡᠳ ᠬᠤᠨᠢ ᠢᠮᠠᠭᠠᠨ ᠤ ᠤᠩᠭᠠᠰᠤ ᠪᠠᠨ ᠳᠡᠭᠡᠷ᠎ᠡ ᠨᠢ ᠳᠠᠯᠪᠢᠵᠤ | ᠂ ᠬᠤᠶᠠᠷ ᠰᠠᠪᠠᠭ᠎ᠠ ᠮᠤᠳᠤ ᠪᠠᠷ ᠪᠤᠳᠠᠷᠠᠳᠠᠯ᠎ᠠ ᠰᠠᠶᠢᠬᠠᠨ ᠰᠠᠪᠠᠭᠰᠠᠨ ᠤ ᠰᠡᠭᠦᠯᠡᠷ ᠲᠤᠰᠬᠠᠶᠢᠯᠠᠨ ᠢᠰᠡᠭᠡᠢ ᠬᠢᠬᠦ ᠳᠤ | ᠪᠡᠯᠡᠳᠬᠡᠭᠰᠡᠨ ᠬᠤᠯᠤᠰᠤ ᠪᠤᠶᠤ ᠳᠠᠷᠠᠰᠤ ᠪᠠᠷ ᠬᠦᠯᠢᠵᠦ ᠤᠶᠤᠭᠰᠠᠨ ᠲᠤᠭᠤᠷᠭᠠᠨ ᠤ ᠳᠡᠭᠡᠷ᠎ᠡ ᠪᠠᠨ ᠬᠤᠨᠢᠨ ᠨᠤᠤᠰᠤ | ᠪᠠᠨ ᠶᠠᠮᠠᠷ ᠵᠦᠢᠯ ᠤᠨ ᠬᠡᠷᠡᠭᠰᠡᠯ ᠲᠠᠢ ᠢᠰᠡᠭᠡᠢ ᠬᠢᠬᠦ ᠭᠡᠪᠡᠯ ᠲᠡᠷᠡ ᠶᠠᠩᠵᠤ ᠬᠡᠯᠪᠡᠷᠢ ᠶᠢ ᠨᠢ ᠳᠠᠭᠠᠷᠠᠭᠤᠯᠵᠤ᠂ | ᠨᠢᠮᠭᠡᠨ ᠵᠤᠵᠠᠭᠠᠨ ᠢ ᠨᠢ ᠳᠡᠩᠴᠡᠭᠦᠯᠦᠨ ᠵᠤᠯᠤᠵᠤ᠂ ᠵᠤᠯᠤᠭᠰᠠᠨ ᠤᠩᠭᠠᠰᠤᠨ ᠤ ᠳᠡᠭᠡᠷ᠎ᠡ ᠨᠢ ᠬᠠᠯᠠᠭᠤᠨ ᠤᠰᠤ ᠶᠢ | ᠠᠯᠠᠭ ᠦᠭᠡᠢ ᠰᠠᠶᠢᠬᠠᠨ ᠰᠡᠭᠰᠦᠷᠦᠭᠡᠳ ᠲᠤᠭᠤᠷᠭ᠎ᠠ ᠪᠠᠨ ᠡᠪᠬᠡᠵᠦ ᠢᠰᠡᠭᠡᠢ ᠪᠠᠨ ᠪᠦᠷᠢᠯᠳᠦᠭᠦᠯᠦᠨ ᠬᠢᠳᠡᠭ᠃ | ᠮᠤᠩᠭᠤᠯ ᠭᠡᠷ ᠤᠨ ᠶᠡᠭᠡ ᠬᠡᠰᠡᠭ ᠲᠠᠢ ᠳᠡᠭᠡᠪᠦᠷ ᠲᠤᠭᠤᠷᠭᠠᠨ ᠤ ᠢᠰᠡᠭᠡᠢ ᠬᠢᠬᠦ ᠳᠤ ᠭᠠᠷ ᠢᠶᠠᠷ ᠬᠢᠬᠦ ᠳᠤ ᠬᠦᠴᠢᠷ | ᠲᠠᠢ ᠲᠤᠯᠠ᠂ ᠢᠰᠡᠭᠡᠢ ᠪᠠᠨ ᠪᠦᠷᠢᠯᠳᠦᠭᠦᠯᠦᠭᠰᠡᠨ ᠤ ᠰᠡᠭᠦᠯᠡᠷ ᠪᠦᠮᠪᠦᠷᠢᠭᠦᠯᠦᠨ ᠡᠪᠬᠡᠵᠦ᠂ ᠤᠩᠭᠠᠰᠤᠨ ᠳᠡᠭᠡᠰᠦ ᠪᠠᠷ | ᠪᠤᠭᠤᠵᠤ ᠤᠶᠠᠭᠠᠳ ᠮᠤᠷᠢ ᠲᠠᠢ ᠬᠦᠮᠦᠨ ᠵᠤᠵᠠᠭᠠᠨ ᠵᠦᠯᠭᠡᠨ ᠡᠪᠡᠰᠦ ᠲᠠᠢ ᠭᠠᠵᠠᠷ ᠴᠢᠷᠴᠦ ᠬᠢᠳᠡᠭ᠃ ᠰᠢᠷᠢᠳᠡᠭ | ᠪᠤᠯ ᠮᠤᠩᠭᠤᠯ ᠭᠡᠷ ᠤᠨ ᠪᠠᠨᠳᠠᠩ ᠳᠡᠭᠡᠷ᠎ᠡ ᠳᠡᠪᠢᠰᠬᠦ ᠶᠡᠭᠡ ᠬᠡᠰᠡᠭ ᠤᠨ ᠢᠰᠡᠭᠡᠢ ᠪᠤᠯᠤᠨ᠎ᠠ᠃ ᠡᠨᠡ ᠬᠦ ᠢᠰᠡᠭᠡᠢ ᠪᠠᠨ | ᠲᠦᠷᠪᠡᠨ ᠳᠠᠯ᠎ᠠ ᠶᠢᠨ ᠬᠦᠪᠡᠭᠡ ᠳᠠᠭᠠᠤ ᠳᠠᠮᠠᠭ᠎ᠠ᠂ ᠳᠤᠮᠳᠠ ᠨᠢ ᠦᠯᠵᠡᠢ ᠵᠠᠩᠭᠢᠶ᠎ᠠ ᠹᠦᠽᠢ ᠤᠭᠠᠯᠵᠠ ᠳᠠᠭᠠᠷᠠᠭᠤᠯᠤᠨ | ᠳᠡᠮᠡᠭᠡ ᠬᠤᠨᠢᠨ ᠤ ᠤᠩᠭᠠᠰᠤ ᠪᠠᠷ ᠡᠭᠡᠷᠡᠭᠰᠡᠨ ᠤᠳᠠᠰᠤ ᠪᠠᠷ ᠰᠢᠷᠢᠵᠦ ᠤᠶᠤᠭᠰᠠᠨ ᠢᠰᠡᠭᠡᠢ ᠶᠢ ᠬᠡᠯᠡᠳᠡᠭ᠃ | ᠤᠯᠪᠤᠭ ᠭᠡᠳᠡᠭ ᠨᠢ ᠨᠢᠭᠡ ᠬᠦᠮᠦᠨ ᠤ ᠰᠠᠭᠤᠬᠤ ᠳᠡᠭᠰᠢ ᠳᠦᠷᠪᠡᠯᠵᠢᠨ ᠬᠡᠯᠪᠡᠷᠢ ᠲᠠᠢ ᠢᠰᠡᠭᠡᠢ ᠶᠢ ᠬᠡᠯᠡᠵᠦ ᠪᠤᠢ᠃ | ᠤᠯᠪᠤᠭ ᠢᠶᠠᠨ ᠪᠠᠰᠠ ᠪᠦᠰ ᠪᠤᠶᠤ ᠲᠤᠷᠭ᠎ᠠ ᠪᠠᠷ ᠭᠠᠳᠠᠷᠯᠠᠵᠤ ᠴᠢᠮ᠎ᠠ ᠪᠤᠯᠤᠨ ᠦᠭᠡᠳᠡᠩ ᠢᠶᠠᠷ ᠦᠷᠭᠡᠨ ᠬᠦᠪᠡᠭᠡ | ᠬᠢᠵᠦ ᠤᠶᠤᠳᠠᠭ᠃ ᠬᠤᠨᠢᠨ ᠤᠩᠭᠠᠰᠤ ᠶᠢ ᠪᠠᠰᠠ ᠡᠭᠡᠷᠡᠵᠦ ᠨᠢᠳᠬᠡᠭᠡᠳ ᠠᠷᠠᠰᠤᠨ ᠬᠤᠪᠴᠠᠰᠤ ᠤᠶᠤᠬᠤ ᠪᠤᠶᠤ | ᠭᠤᠳᠤᠯ ᠤᠨ ᠵᠤᠯᠤᠭ ᠲᠦᠷᠠᠢ ᠤᠶᠤᠬᠤ ᠪᠤᠶᠤ ᠬᠤᠪᠴᠠᠰᠤ᠂ ᠤᠶᠢᠮᠤᠰᠤ ᠨᠡᠭᠡᠵᠦ ᠡᠮᠦᠰᠳᠡᠭ᠃ ᠬᠤᠨᠢᠨ ᠤᠩᠭᠠᠰᠤ | ᠪᠠᠷ ᠪᠠᠰᠠ ᠳᠡᠭᠡᠰᠦ ᠳᠠᠮᠤᠵᠤ᠂ ᠮᠤᠩᠭᠤᠯ ᠭᠡᠷ ᠤᠨ ᠬᠠᠨ᠎ᠠ ᠶᠢᠨ ᠬᠦᠯᠢᠭᠦᠷ᠂ ᠭᠡᠷ ᠤᠨ ᠪᠦᠰᠡᠯᠡᠭᠦᠷ᠂ ᠡᠷᠦᠬᠡ ᠶᠢᠨ | ᠤᠭᠤᠰᠤᠷ ᠬᠢᠬᠦ ᠪᠦᠭᠡᠳ ᠪᠠᠰᠠ ᠲᠤᠭᠤᠯ ᠤᠨ ᠳᠠᠳᠠᠭ᠎ᠠ᠂ ᠲᠤᠭᠤᠯ ᠤᠨ ᠬᠦᠵᠦᠭᠦᠪᠴᠢ᠂ ᠤᠩᠭᠤᠨ ᠰᠠᠳᠠᠷ ᠮᠠᠯ | ᠤᠨ ᠤᠩᠭᠤᠨ ᠤ ᠤᠭᠤᠰᠤᠷ᠂ ᠤᠪᠤᠭᠠᠨ ᠤ ᠵᠡᠯ᠎ᠡ ᠳᠡᠭᠡᠰᠦ ᠬᠢᠬᠦ ᠳᠤ ᠬᠡᠷᠡᠭᠯᠡᠳᠡᠭ᠃ ᠤᠪᠤᠭᠠᠨ ᠤ ᠵᠡᠯ᠎ᠡ ᠳᠡᠭᠡᠰᠦ | ᠭᠡᠳᠡᠭ ᠨᠢ ᠤᠪᠤᠭ᠎ᠠ ᠳᠠᠬᠢᠬᠤ ᠦᠶ᠎ᠡ ᠳᠤ ᠤᠪᠤᠭ᠎ᠠ ᠪᠠᠨ ᠴᠢᠮᠡᠭᠰᠡᠨ ᠨᠤᠶᠢᠳᠠᠨ ᠯᠠᠪᠳᠠᠭᠤᠯ ᠢᠶᠠᠨ ᠤᠷᠢᠶᠠᠭᠰᠠᠨ ᠵᠡᠯ᠎ᠡ | ᠳᠡᠭᠡᠰᠦᠨ ᠠᠴᠠ ᠪᠠᠨ ᠲᠦᠷᠪᠡᠨ ᠵᠦᠭ ᠲᠤ ᠳᠠᠳᠠᠵᠤ ᠤᠶᠠᠭᠰᠠᠨ ᠵᠡᠯ᠎ᠡ ᠳᠡᠭᠡᠰᠦ ᠶᠢ ᠬᠡᠯᠡᠵᠦ ᠪᠤᠢ᠃ ᠤᠪᠤᠭᠠᠨ ᠤ | ᠵᠡᠯ᠎ᠡ ᠳᠡᠭᠡᠰᠦ ᠶᠢ ᠤᠯᠭᠤᠢ ᠪᠠᠷ ᠬᠢᠳᠡᠭ ᠦᠭᠡᠢ᠂ ᠦᠩᠭᠡ ᠪᠦᠷᠢ ᠶᠢᠨ ᠲᠤᠷᠭ᠎ᠠ ᠪᠠ ᠪᠦᠰ ᠤᠨ ᠦᠭᠡᠳᠡᠰᠦ ᠶᠢ | ᠳᠡᠭᠡᠰᠦᠨ ᠤ ᠡᠷᠴᠢᠮ ᠳᠤ ᠬᠠᠪᠴᠢᠭᠤᠯᠵᠤ ᠴᠢᠮᠠᠨ ᠬᠢᠳᠡᠭ᠃ ᠬᠤᠨᠢᠨ ᠤ ᠦᠨᠳᠦᠷ ᠤᠨ ᠤᠩᠭᠠᠰᠤ ᠶᠢ ᠬᠠᠶᠢᠴᠢᠯᠠᠬᠤ | ᠦᠶ᠎ᠡ ᠳᠤ ᠦᠷᠭᠦᠯᠵᠢ ᠰᠠᠭᠠᠷᠠᠵᠤ ᠭᠠᠷᠤᠭᠰᠠᠨ ᠢᠰᠡᠭᠡᠢ ᠠᠳᠠᠯᠢ ᠪᠦᠷᠢᠯᠳᠦᠭᠰᠡᠨ ᠬᠠᠳᠠᠭᠤ ᠤᠩᠭᠠᠰᠤ ᠶᠢ ᠬᠤᠨᠢᠨ | ᠳᠠᠭᠠᠬᠢ ᠭᠡᠳᠡᠭ᠃ ᠳᠠᠭᠠᠬᠢ ᠶᠢ ᠪᠦᠰ ᠢᠶᠠᠷ ᠭᠠᠳᠠᠷᠯᠠᠭᠠᠳ ᠨᠢᠯᠬ᠎ᠠ ᠬᠡᠦᠬᠡᠳ ᠢ ᠦᠯᠦᠭᠡᠢ ᠳᠤ ᠦᠯᠦᠭᠡᠶᠢᠳᠡᠬᠦ ᠦᠶ᠎ᠡ | ᠳᠤ ᠬᠤᠴᠢᠯᠠᠭ᠎ᠠ ᠬᠢᠳᠡᠭ᠃ ᠡᠨᠡ ᠨᠢ ᠬᠡᠦᠬᠡᠳ ᠤᠨ ᠰᠢᠭᠡᠰᠦᠨ ᠳᠤ ᠬᠠᠳᠠᠭᠤᠷᠠᠬᠤ ᠦᠭᠡᠢ ᠪᠦᠭᠡᠳ ᠳᠤᠯᠠᠭᠠᠨ | ᠪᠠᠶᠢᠳᠠᠭ᠃ | ᠬᠤᠶᠠᠷ᠂ ᠢᠮᠠᠭᠠᠨ ᠤ ᠤᠩᠭᠠᠰᠤ᠃ ᠦᠩᠭᠡᠷᠡᠭᠰᠡᠨ ᠳᠤ ᠢᠮᠠᠭ᠎ᠠ ᠶᠢ ᠰᠠᠮᠨᠠᠳᠠᠭ ᠦᠭᠡᠢ᠂ ᠰᠤᠷ ᠨᠤᠤᠯᠤᠭᠤᠷ | ᠲᠠᠢ ᠨᠢ ᠤᠭ ᠢᠶᠠᠷ ᠨᠢ ᠨᠢᠭᠡ ᠯᠡ ᠬᠠᠶᠢᠴᠢᠯᠠᠵᠤ ᠠᠪᠤᠭᠠᠳ ᠬᠤᠨᠢᠨ ᠤᠩᠭᠠᠰᠤ ᠲᠠᠢ ᠠᠳᠠᠯᠢ ᠮᠤᠩᠭᠤᠯ ᠭᠡᠷ ᠤᠨ | ᠳᠡᠭᠡᠪᠦᠷ᠂ ᠲᠤᠭᠤᠷᠭ᠎ᠠ᠂ ᠡᠷᠦᠬᠡ᠂ ᠬᠦᠯᠳᠦᠷᠭᠡ ᠶᠢᠨ ᠢᠰᠡᠭᠡᠢ ᠬᠢᠳᠡᠭ ᠪᠦᠭᠡᠳ ᠮᠤᠷᠢᠨ ᠡᠮᠡᠭᠡᠯ ᠤᠨ ᠲᠤᠬᠤᠮ | ᠬᠢᠳᠡᠭ᠃ ᠬᠤᠨᠢ ᠦᠭᠡᠢ ᠠᠶᠢᠯ ᠢᠰᠡᠭᠡᠢ ᠬᠢᠵᠦ ᠳᠡᠪᠢᠰᠳᠡᠭ ᠴᠦ ᠪᠤᠢ᠃ ᠪᠠᠰᠠ ᠳᠡᠭᠡᠰᠦ ᠳᠠᠮᠤᠵᠤ ᠬᠡᠷᠡᠭᠯᠡᠵᠦ | ᠪᠤᠯᠳᠠᠭ᠃ ᠬᠡᠷᠡᠭᠴᠡᠭᠡ ᠨᠢ ᠬᠤᠨᠢᠨ ᠤᠩᠭᠠᠰᠤ ᠶᠢᠨ ᠵᠡᠷᠭᠡ ᠠᠷᠪᠢᠨ ᠪᠢᠰᠢ᠃ | ᠭᠤᠷᠪᠠ᠂ ᠦᠬᠡᠷ ᠤᠨ ᠤᠩᠭᠠᠰᠤ᠃ ᠦᠬᠡᠷ ᠢ ᠬᠠᠶᠢᠴᠢᠯᠠᠳᠠᠭ ᠦᠭᠡᠢ᠂ ᠨᠤᠭᠤᠭ᠎ᠠ ᠳᠤ ᠴᠠᠳᠤᠭᠰᠠᠨ ᠤ | ᠰᠡᠭᠦᠯᠡᠷ ᠦᠰᠦ ᠨᠢ ᠭᠤᠭᠤᠵᠢᠬᠤ ᠦᠶ᠎ᠡ ᠳᠤ ᠮᠠᠯᠳᠠᠵᠤ ᠠᠪᠬᠤ ᠪᠤᠶᠤ ᠮᠠᠯ ᠦᠪᠡᠷ ᠢᠶᠠᠨ ᠮᠤᠳᠤ ᠴᠢᠯᠠᠭᠤᠨ ᠳᠤ | ᠱᠦᠷᠭᠦᠭᠡᠵᠦ ᠤᠨᠠᠭᠠᠭᠰᠠᠨ ᠤᠩᠭᠠᠰᠤ ᠶᠢ ᠳᠡᠬᠦᠵᠦ ᠴᠤᠭᠯᠠᠭᠤᠯᠤᠨ ᠢᠰᠡᠭᠡᠢ ᠬᠢᠳᠡᠭ᠃ ᠦᠬᠡᠷ ᠤᠨ ᠤᠩᠭᠠᠰᠤ ᠪᠠᠷ | ᠢᠰᠡᠭᠡᠢ ᠬᠢᠬᠦ ᠳᠤ ᠪᠦᠷᠢᠯᠳᠦᠬᠦ ᠨᠢ ᠰᠠᠶᠢᠨ ᠪᠦᠭᠡᠳ ᠳᠡᠪᠢᠰᠴᠦ ᠬᠡᠷᠡᠭᠯᠡᠬᠦ ᠳᠤ ᠪᠠᠬᠢᠯᠢᠭ᠌ ᠳᠠᠭᠠᠭᠠᠴᠠᠳᠠᠢ᠂ ᠬᠤᠨᠢ | ᠢᠮᠠᠭᠠᠨ ᠤᠩᠭᠠᠰᠤᠨ ᠤ ᠢᠰᠡᠭᠡᠢ ᠠᠴᠠ ᠢᠯᠡᠭᠦᠦ ᠳᠤᠯᠠᠭᠠᠨ ᠪᠠᠶᠢᠳᠠᠭ᠃ ᠦᠬᠡᠷ ᠤᠨ ᠤᠩᠭᠠᠰᠤ ᠪᠠᠷ ᠢᠰᠡᠭᠡᠢ | ᠭᠤᠳᠤᠯ ᠬᠢᠵᠦ ᠡᠮᠦᠰᠳᠡᠭ ᠪᠦᠭᠡᠳ ᠬᠡᠦᠬᠡᠳ ᠤᠨ ᠨᠠᠭᠠᠳᠬᠤ ᠪᠦᠮᠪᠦᠭᠡ ᠬᠢᠳᠡᠭ᠃ | ᠳᠦᠷᠪᠡ᠂ ᠳᠡᠮᠡᠭᠡᠨ ᠤᠩᠭᠠᠰᠤ᠃ ᠳᠡᠮᠡᠭᠡ ᠶᠢ ᠮᠦᠨ ᠨᠤᠭᠤᠭ᠎ᠠ ᠳᠤ ᠴᠠᠳᠤᠭᠰᠠᠨ ᠤ ᠰᠡᠭᠦᠯᠡᠷ ᠤᠩᠭᠠᠰᠤ ᠶᠢ | ᠨᠢ ᠬᠠᠶᠢᠴᠢᠯᠠᠬᠤ ᠪᠤᠶᠤ ᠵᠤᠯᠭᠠᠭᠠᠵᠤ ᠠᠪᠳᠠᠭ᠃ ᠳᠡᠮᠡᠭᠡᠨ ᠤᠩᠭᠠᠰᠤ ᠪᠠᠷ ᠳᠡᠭᠡᠰᠦ ᠳᠠᠮᠤᠵᠤ ᠬᠡᠷᠡᠭᠯᠡᠬᠦ ᠪᠦᠭᠡᠳ | ᠭᠤᠤᠯᠳᠠᠭᠤ ᠡᠭᠡᠷᠡᠦᠯ ᠢᠶᠠᠷ ᠡᠭᠡᠷᠡᠵᠦ ᠤᠳᠠᠰᠤ ᠪᠤᠯᠭᠠᠭᠠᠳ᠂ ᠬᠠᠨᠳᠠᠭᠠᠰᠤ᠂ ᠦᠮᠦᠳᠦ᠂ ᠮᠠᠯᠠᠭᠠᠢ᠂ ᠣᠶᠢᠮᠤᠰᠤ | ᠨᠡᠬᠡᠵᠦ ᠡᠮᠦᠰᠳᠡᠭ᠃ ᠡᠪᠦᠯ ᠤᠨ ᠬᠤᠪᠴᠠᠰᠤᠨ ᠳᠤ ᠬᠦᠪᠦᠩ ᠤᠨ ᠤᠷᠤᠨ ᠳᠤ ᠬᠡᠷᠡᠭᠯᠡᠵᠦ ᠪᠤᠯᠳᠠᠭ᠃ ᠳᠡᠮᠡᠭᠡᠨ ᠶᠢᠨ | ᠤᠩᠭᠠᠰᠤ ᠪᠠᠷ ᠨᠡᠬᠡᠵᠦ ᠬᠢᠭᠰᠡᠨ ᠬᠤᠪᠴᠠᠰᠤ ᠲᠤᠯᠠᠭᠠᠨ ᠪᠦᠭᠡᠳ ᠪᠦᠬᠡ᠂ ᠬᠦᠮᠦᠨ ᠤ ᠪᠡᠶ᠎ᠡ ᠮᠠᠬᠠᠪᠤᠳ ᠲᠤ ᠴᠦ | ᠶᠡᠭᠡ ᠰᠠᠶᠢᠨ ᠪᠠᠶᠢᠳᠠᠭ᠃ | ᠳᠠᠪᠤ᠂ ᠮᠤᠷᠢᠨ ᠤ ᠳᠡᠯ ᠰᠡᠭᠦᠯ᠃ ᠠᠳᠤᠭᠤ ᠶᠢ ᠬᠠᠶᠢᠴᠢᠯᠠᠳᠠᠭ ᠦᠭᠡᠢ᠂ ᠮᠤᠷᠢᠨ ᠤ ᠤᠩᠭᠠᠰᠤ ᠪᠠᠷ ᠶᠠᠮᠠᠷ | ᠴᠦ ᠶᠠᠭᠤᠮ᠎ᠠ ᠬᠢᠳᠡᠭ ᠦᠭᠡᠢ᠃ ᠭᠡᠪᠡᠴᠦ ᠮᠤᠷᠢᠨ ᠤ ᠳᠡᠯ ᠰᠡᠭᠦᠯ ᠨᠢ ᠬᠠᠷᠢᠨ ᠤᠯᠠᠨ ᠬᠡᠷᠡᠭᠴᠡᠭᠡ ᠲᠠᠢ ᠪᠠᠶᠢᠳᠠᠭ᠃ | ᠠᠳᠤᠭᠤ ᠶᠢ ᠬᠠᠪᠤᠷ ᠰᠢᠨ᠎ᠡ ᠨᠤᠭᠤᠭ᠎ᠠ ᠢᠳᠡᠭᠰᠡᠨ ᠤ ᠰᠡᠭᠦᠯᠡᠷ ᠳᠡᠯᠯᠡᠳᠡᠭ᠃ ᠭᠡᠬᠦ ᠳᠡᠭᠡᠨ ᠨᠢᠭᠡ ᠮᠤᠷᠢᠨ ᠤ ᠳᠡᠯ ᠢ | ᠨᠢᠭᠡ ᠠᠰᠳᠠᠭᠠᠨ ᠤᠭ ᠦᠵᠦᠭᠦᠷ ᠢ ᠨᠢ ᠰᠤᠯᠢᠬᠤ ᠦᠭᠡᠢ ᠪᠠᠷ ᠲᠢᠭ ᠲᠠᠢ ᠪᠤᠭᠤᠵᠤ ᠤᠶᠠᠵᠤ ᠠᠪᠳᠠᠭ᠃ ᠮᠤᠷᠢᠨ | ᠳᠡᠯ ᠢ ᠤᠷᠠᠵᠤ ᠵᠤᠯᠤᠭᠠᠳ ᠡᠪᠬᠡᠨ ᠠᠪᠴᠤ ᠨᠠᠷᠢᠨ ᠪᠦᠳᠦᠭᠦᠨ ᠳᠡᠭᠡᠰᠦ ᠳᠠᠮᠤᠬᠤ ᠪᠤᠶᠤ ᠡᠭᠡᠷᠡᠦᠯ ᠢᠶᠠᠷ ᠡᠭᠡᠷᠡᠵᠦ᠂ | ᠨᠢᠳᠬᠡᠭᠡᠳ ᠤᠳᠠᠰᠤ ᠰᠢᠳᠡᠭᠡᠷᠢ ᠳᠤ ᠬᠡᠷᠡᠭᠯᠡᠳᠡᠭ᠃ ᠮᠤᠷᠢᠨ ᠳᠡᠯ ᠢ ᠤᠷᠠᠵᠤ ᠵᠤᠯᠤᠨᠠ ᠭᠡᠳᠡᠭ ᠨᠢ ᠪᠤᠭᠤᠳᠠᠯ ᠲᠠᠢ | ᠮᠤᠷᠢᠨ ᠳᠡᠯ ᠢᠶᠠᠨ ᠵᠡᠭᠦᠨ ᠭᠠᠷ ᠲᠠᠭᠠᠨ ᠰᠤᠷ ᠦᠵᠦᠭᠦᠷ ᠢ ᠨᠢ ᠳᠡᠭᠡᠭᠰᠢ ᠬᠠᠨᠳᠤᠭᠤᠯᠤᠨ ᠠᠳᠬᠤᠵᠤ ᠪᠠᠷᠠᠭᠤᠨ ᠭᠠᠷ | ᠢᠶᠠᠷ ᠢᠶᠠᠨ ᠳᠡᠯ ᠤᠨ ᠦᠵᠦᠭᠦᠷ ᠠᠴᠠ ᠴᠢᠮᠬᠢ ᠴᠢᠮᠬᠢ ᠪᠠᠷ ᠰᠤᠭᠤᠯᠤᠨ ᠠᠪᠴᠤ᠂ ᠬᠤᠭ ᠰᠢᠷᠤᠢ ᠦᠭᠡᠢ ᠴᠡᠪᠡᠷ | ᠳᠡᠭᠰᠢᠬᠡᠨ ᠭᠠᠵᠠᠷ ᠵᠤᠯᠤᠵᠤ ᠳᠠᠯᠪᠢᠳᠠᠭ᠃ ᠵᠤᠯᠤᠭᠰᠠᠨ ᠳᠡᠯ ᠢᠶᠠᠨ ᠪᠠᠭ᠎ᠠ ᠤᠰᠤ ᠰᠡᠭᠰᠦᠷᠦᠨ ᠴᠢᠭᠢᠭᠰᠡᠭᠡᠵᠦ ᠨᠢᠭᠡ | ᠳᠠᠯ᠎ᠠ ᠠᠴᠠ ᠨᠢ ᠡᠪᠬᠡᠨ ᠪᠦᠮᠪᠦᠷᠢᠭᠦᠯᠦᠨ ᠪᠦᠷᠢᠯᠳᠦᠭᠦᠯᠵᠦ ᠠᠪᠳᠠᠭ᠃ ᠡᠭᠦᠨ ᠢ ᠤᠷᠠᠭᠰᠠᠨ ᠳᠡᠯ ᠭᠡᠳᠡᠭ᠃ | ᠢᠩᠭᠢᠵᠦ ᠡᠪᠬᠡᠭᠰᠡᠨ ᠳᠡᠯ ᠢᠶᠠᠷ ᠢᠶᠠᠨ ᠳᠡᠭᠡᠰᠦ ᠳᠠᠮᠤᠳᠠᠭ᠃ ᠮᠤᠷᠢᠨ ᠳᠡᠯ ᠢᠶᠠᠷ ᠳᠠᠮᠤᠭᠰᠠᠨ ᠳᠡᠭᠡᠰᠦ ᠨᠢ ᠪᠠᠬᠢᠯᠢᠭ᠌ | ᠤᠴᠢᠷ ᠠᠴᠠ ᠳᠡᠷᠭᠡᠨ ᠳᠠᠷᠤᠭᠤᠯᠭ᠎ᠠ᠂ ᠦᠬᠡᠷ ᠤᠨ ᠲᠦᠷᠦ᠂ ᠮᠤᠷᠢᠨ ᠨᠤᠭᠳᠤ ᠶᠢᠨ ᠴᠤᠯᠪᠤᠭᠤᠷ᠂ ᠡᠮᠡᠭᠡᠯ ᠤᠨ | ᠤᠯᠤᠩ᠂ ᠬᠤᠳᠳᠤᠭ ᠤᠨ ᠳᠡᠭᠡᠰᠦ᠂ ᠲᠤᠭᠤᠯ ᠤᠨ ᠳᠠᠳᠠᠭ᠎ᠠ᠂ ᠲᠤᠭᠤᠯ ᠤᠨ ᠬᠦᠵᠦᠭᠦᠪᠴᠢ᠂ ᠮᠤᠩᠭᠤᠯ ᠭᠡᠷ ᠤᠨ | ᠳᠡᠭᠡᠪᠦᠷ᠂ ᠲᠤᠭᠤᠷᠭ᠎ᠠ ᠶᠢᠨ ᠵᠠᠭᠠᠮ᠎ᠠ᠂ ᠬᠠᠨ᠎ᠠ ᠶᠢᠨ ᠭᠦᠯᠢᠭᠦᠷ᠂ ᠭᠡᠷ ᠤᠨ ᠪᠦᠰᠡᠯᠡᠭᠦᠷ᠂ ᠮᠤᠩᠭᠤᠯ ᠭᠡᠷ ᠤᠨ ᠭᠤᠤᠯ | ᠳᠠᠭᠠᠭ᠎ᠠ ᠶᠢᠨ ᠬᠤᠶᠠᠷ ᠦᠵᠦᠭᠦᠷ ᠢ ᠤᠷᠢᠶᠠᠵᠤ ᠤᠶᠠᠬᠤ ᠳᠡᠭᠡᠰᠦ᠂ ᠤᠨᠢ ᠶᠢᠨ ᠬᠡᠯᠬᠢᠶᠡᠰᠦ ᠵᠡᠷᠭᠡ ᠳᠤ ᠦᠷᠭᠡᠨ | ᠢᠶᠠᠷ ᠬᠡᠷᠡᠭᠯᠡᠳᠡᠭ᠃ ᠪᠠᠰᠠ ᠡᠭᠡᠷᠡᠦᠯ ᠢᠶᠠᠷ ᠡᠭᠡᠷᠡᠵᠦ ᠨᠢᠳᠬᠡᠭᠡᠳ ᠮᠤᠩᠭᠤᠯ ᠭᠡᠷ ᠤᠨ ᠤᠨᠢ ᠶᠢᠨ ᠰᠡᠶ᠋ᠢᠭ ᠤᠨ | ᠤᠭᠤᠰᠤᠷ᠂ ᠬᠤᠯᠤᠰᠤᠨ ᠳᠡᠭᠡᠪᠦᠷ᠂ ᠲᠤᠭᠤᠷᠭ᠎ᠠ ᠶᠢ ᠬᠦᠯᠢᠵᠦ ᠬᠡᠯᠬᠢᠵᠦ ᠤᠶᠤᠬᠤ᠂ ᠬᠡᠷ ᠤᠨ ᠪᠦᠷᠢᠶᠡᠰᠦ ᠶᠢ | ᠰᠢᠳᠡᠬᠦ᠂ ᠮᠤᠷᠢᠨ ᠡᠮᠡᠭᠡᠯ ᠤᠨ ᠤᠯᠤᠩ ᠢ ᠤᠶᠤᠬᠤ ᠵᠡᠷᠭᠡ ᠳᠤ ᠬᠡᠷᠡᠭᠯᠡᠳᠡᠭ᠃ ᠮᠠᠨ ᠤ ᠮᠤᠩᠭᠤᠯᠴᠤᠳ ᠮᠤᠷᠢᠨ ᠳᠡᠯ | ᠢᠶᠠᠷ ᠡᠮᠡᠭᠡᠯ ᠤᠨ ᠤᠯᠤᠩ ᠳᠠᠮᠤᠬᠤ ᠳᠠᠭᠠᠨ ᠬᠠᠷ᠎ᠠ ᠴᠠᠭᠠᠨ ᠬᠤᠶᠠᠷ ᠵᠢᠰᠦᠮ ᠤᠨ ᠳᠡᠯ ᠢᠶᠠᠷ ᠰᠤᠯᠤᠭᠠᠢ ᠪᠠᠷᠢᠭᠠᠳ | ᠬᠤᠶᠠᠷ ᠶᠠᠩᠵᠤ ᠪᠠᠷ ᠳᠠᠮᠤᠵᠤ᠂ ᠬᠠᠷ᠎ᠠ ᠴᠠᠭᠠᠨ ᠢ ᠠᠯᠠᠭᠯᠠᠨ ᠤᠶᠤᠵᠤ ᠬᠢᠳᠡᠭ᠃ ᠢᠩᠭᠢᠵᠦ ᠬᠢᠬᠦ ᠨᠢ ᠦᠵᠡᠬᠦ ᠳᠤ | ᠰᠠᠶᠢᠬᠠᠨ ᠪᠦᠭᠡᠳ ᠤᠯᠤᠩ ᠤᠷᠢᠶᠠᠯᠳᠤᠵᠤ ᠮᠤᠰᠭᠢᠷᠠᠬᠤ ᠶᠢ ᠰᠡᠷᠭᠡᠶᠢᠯᠡᠭᠰᠡᠨ ᠤᠳᠬ᠎ᠠ ᠲᠠᠢ᠃ ᠮᠤᠷᠢᠨ ᠰᠡᠭᠦᠯ ᠢᠶᠠᠷ | ᠡᠯ᠎ᠡ ᠵᠦᠢᠯ ᠤᠨ ᠬᠤᠭᠤᠷ ᠤᠨ ᠨᠤᠮᠤ ᠶᠢᠨ ᠬᠦᠪᠴᠢ ᠬᠢᠬᠦ ᠳᠤ ᠬᠡᠷᠡᠭᠯᠡᠬᠦ ᠪᠦᠭᠡᠳ ᠢᠯᠠᠭᠠᠨ ᠤ ᠭᠦᠪᠢᠭᠦᠷ ᠭᠦᠷᠦᠵᠦ | ᠬᠡᠷᠡᠭᠯᠡᠳᠡᠭ᠃ | ᠳᠠᠶᠢᠯᠪᠤᠷᠢ ︵ᠵᠡᠭᠦᠯᠳᠡ︶᠄ | ᠰᠠᠪᠠᠭ᠎ᠠ ᠮᠤᠳᠤ — ᠲᠦᠷᠪᠡᠨ ᠲᠤᠬᠤᠢ ᠤᠷᠳᠤ ᠬᠤᠷᠤᠭᠤ ᠬᠢᠷᠢ ᠲᠠᠢ ᠪᠦᠳᠦᠭᠦᠨ ᠬᠠᠳᠠᠭᠤ ᠪᠠᠬᠢᠯᠢᠭ᠌ ᠮᠤᠳᠤ | ᠪᠠᠷ ᠬᠢᠭᠰᠡᠨ ᠲᠤᠰᠬᠠᠢ ᠤᠩᠭᠠᠰᠤ ᠰᠠᠪᠠᠭ᠋ᠤ ᠪᠠᠭᠠᠵᠢ᠃ | ᠡᠭᠡᠷᠡᠦᠯ — ᠴᠤᠮᠤᠨ ᠠᠮᠠᠰᠠᠷ ᠤᠨ ᠴᠢᠨᠡᠭᠡᠨ ᠲᠦᠭᠦᠷᠢᠭ ᠳᠡᠨᠢᠭᠢᠷ ᠴᠢᠯᠠᠭᠤ ᠶᠢ ᠭᠤᠤᠯ ᠳᠤᠨᠢ ᠴᠤᠭᠤᠯᠵᠤ | ᠮᠤᠳᠤ ᠪᠠᠷ ᠡᠰᠢ ᠬᠢᠵᠦ ᠵᠤᠬᠢᠶᠠᠭᠰᠠᠨ ᠪᠠᠭᠠᠵᠢ ᠮᠦᠨ᠃ ᠪᠠᠰᠠ ᠵᠠᠷᠢᠮ ᠨᠢ ᠦᠬᠡᠷ ᠤᠨ ᠰᠢᠬᠢᠷ᠎ᠡ ᠶᠢᠨ ᠴᠦᠮᠴᠡ | ᠶᠠᠰᠤ ᠶᠢ ᠨᠢ ᠳᠤᠮᠳᠠ ᠨᠢ ᠴᠤᠭᠤᠯᠵᠤ ᠬᠢᠭᠰᠡᠨ ᠡᠭᠡᠷᠡᠦᠯ ᠴᠦ ᠪᠤᠢ᠃ | | ᠡᠪᠴᠢᠭᠦᠴᠢᠨ᠂ ᠳᠣᠨᠤᠷᠤᠪ ᠤᠨ ᠨᠠᠶᠢᠷᠠᠭᠤᠯᠣᠨ ᠵᠣᠬᠢᠶᠠᠭᠰᠠᠨ ︽ᠠᠷᠤ ᠬᠤᠷᠴᠢᠨ ᠨᠤᠲᠤᠭ ᠤᠨ | ᠤᠯᠠᠮᠵᠢᠯᠠᠯᠲᠤ ᠰᠤᠶᠤᠯ︾ ᠭᠡᠬᠦ ᠨᠣᠮ ᠠᠴᠠ ᠰᠣᠩᠭᠤᠪᠠ | |