ᠲᠦᠭᠦᠬᠡᠢ ᠰᠦ᠃ ᠰᠠᠶ᠋ᠢ ᠰᠠᠭᠠᠭᠰᠠᠨ ᠢᠰᠦᠭᠡᠳᠦᠢ ᠰᠢᠨ᠎ᠡ ᠰᠦ ᠶᠢ ᠲᠦᠭᠦᠬᠡᠢ ᠰᠦ ᠭᠡᠳᠡᠭ᠃ ᠲᠦᠭᠦᠬᠡᠢ | ᠰᠦ ᠳᠤ ᠤᠭᠤᠷᠠᠭ᠂ ᠸᠢᠲ᠋ᠠᠮᠢᠨ ᠡᠯᠪᠡᠭ ᠠᠬᠤᠭᠤᠯᠤᠭᠳᠠᠵᠤ ᠪᠠᠶᠢᠬᠤ ᠪᠤᠯᠬᠤᠷ ᠰᠢᠮ᠎ᠡ ᠳᠡᠵᠢᠭᠡᠯ ᠰᠠᠶᠢᠳᠠᠢ ᠪᠠᠶᠢᠳᠠᠭ᠃ | ᠭᠡᠬᠦ ᠳᠡᠭᠡᠨ ᠰᠢᠮ᠎ᠡ ᠲᠠᠷᠭᠤ ᠰᠠᠶᠢᠳᠠᠢ ᠦᠨᠢᠶᠡᠨ ᠤ ᠰᠦ ᠰᠢᠷᠭᠠᠯ ᠦᠩᠭᠡ ᠲᠠᠢ᠂ ᠠᠭᠰᠢᠭᠤᠨ ᠪᠠᠶᠢᠳᠠᠭ᠃ ᠡᠶᠢᠮᠦ | ᠰᠦ ᠦᠷᠦᠮ᠎ᠡ ᠲᠤᠰᠤ ᠡᠯᠪᠡᠭ ᠭᠠᠷᠬᠤ ᠪᠦᠭᠡᠳ ᠴᠠᠢ ᠨᠡᠶᠢᠯᠡᠭᠦᠯᠬᠦ ᠳᠤ ᠰᠠᠶᠢᠨ ᠲᠤᠬᠢᠷᠠᠳᠠᠭ᠃ ᠰᠢᠮ᠎ᠡ ᠬᠦᠴᠦ | ᠮᠠᠭᠤ ᠦᠨᠢᠶᠡᠨ ᠤ ᠰᠦ ᠰᠢᠩᠭᠡᠨ ᠪᠦᠭᠡᠳ ᠴᠡᠩᠬᠡᠷᠯᠢᠭ ᠦᠩᠭᠡ ᠲᠠᠢ᠂ ᠡᠶᠢᠮᠦ ᠰᠦ ᠦᠷᠦᠮ᠎ᠡ ᠲᠤᠰᠤ ᠭᠠᠷᠬᠤ ᠨᠢ | ᠪᠠᠭ᠎ᠠ ᠪᠦᠬᠡᠳ ᠴᠠᠢ ᠨᠡᠶᠢᠯᠡᠭᠦᠯᠬᠦ ᠳᠤ ᠲᠤᠬᠢᠷᠠᠳᠠᠭ ᠦᠭᠡᠢ᠃ | ᠪᠤᠯᠤᠭᠰᠠᠨ ᠰᠦ᠃ ᠲᠦᠭᠦᠬᠡᠢ ᠰᠦ ᠪᠠᠨ ᠪᠤᠴᠠᠯᠭᠠᠭᠰᠠᠨ ᠢ ᠪᠤᠯᠤᠭᠰᠠᠨ ᠰᠦ ᠭᠡᠳᠡᠭ᠃ ᠪᠤᠯᠤᠭᠰᠠᠨ ᠰᠦ ᠨᠢ | ᠰᠢᠬᠢᠷ ᠤᠨ ᠠᠬᠤᠭᠤᠯᠤᠭᠳᠠᠴᠠ ᠦᠨᠳᠦᠷ᠂ ᠰᠢᠮ᠎ᠡ ᠳᠡᠵᠢᠭᠡᠯ ᠢᠶᠠᠷ ᠡᠯᠪᠡᠭ ᠪᠠᠶᠢᠳᠠᠭ᠃ | ᠡᠭᠡᠳᠡᠭᠰᠡᠨ ᠰᠦ᠃ ᠰᠠᠭᠠᠭᠰᠠᠨ ᠦᠨᠢᠶᠡᠨ ᠰᠦ ᠪᠠᠨ ᠲᠤᠤᠷ ᠪᠦᠰ ᠢᠶᠠᠷ ᠰᠠᠶᠢᠨ ᠱᠦᠭᠦᠵᠦ ᠭᠠᠩ ᠰᠠᠪᠠ ᠳᠤ | ᠬᠢᠵᠦ ᠳᠠᠯᠪᠢᠭᠠᠳ ᠵᠤᠬᠢᠬᠤ ᠬᠡᠮᠵᠢᠶᠡᠨ ᠤ ᠴᠠᠭ ᠢ ᠦᠩᠭᠡᠷᠡᠭᠦᠯᠪᠡᠯ ᠰᠦ ᠨᠢ ᠡᠭᠡᠳᠡᠳᠡᠭ᠂ ᠡᠭᠦᠨ ᠢ ᠡᠭᠡᠳᠡᠭᠰᠡᠨ ᠰᠦ | ᠭᠡᠨ᠎ᠡ᠃ ᠡᠭᠡᠳᠡᠭᠰᠡᠨ ᠰᠦᠨ ᠳᠤ ᠸᠢᠲ᠋ᠠᠮᠢᠨ ᠡᠯᠪᠡᠭ ᠪᠤᠯᠬᠤᠷ ᠬᠦᠮᠦᠨ ᠤ ᠪᠡᠶ᠎ᠡ ᠳᠤ ᠬᠡᠷᠡᠭᠰᠡᠬᠦ ᠰᠢᠮ᠎ᠡ ᠳᠡᠵᠢᠭᠡᠯ | ᠡᠯᠪᠡᠭ ᠠᠬᠤᠭᠤᠯᠤᠭᠳᠠᠵᠤ ᠪᠠᠶᠢᠳᠠᠭ᠃ | ᠦᠨᠢᠶᠡᠨ ᠰᠦ ᠶᠢᠨ ᠬᠤᠷᠤᠳ᠃ ᠰᠠᠭᠠᠭᠰᠠᠨ ᠰᠦ ᠪᠠᠨ ᠴᠢᠯᠠᠭᠤᠨ ᠭᠠᠩ ᠪᠤᠶᠤ ᠯᠤᠩᠬᠤᠨ ᠳᠤ ᠬᠢᠵᠦ | ᠳᠠᠯᠪᠢᠭᠠᠳ ᠡᠭᠡᠳᠡᠭᠦᠯᠦᠨ᠎ᠡ᠃ ᠰᠦ ᠡᠭᠡᠳᠡᠭᠰᠡᠨ ᠤ ᠰᠡᠭᠦᠯᠡᠷ ᠳᠡᠭᠡᠭᠦᠷ ᠨᠢ ᠰᠠᠭᠤᠭᠰᠠᠨ ᠦᠷᠦᠮ᠎ᠡ ᠶᠢ ᠰᠢᠨᠠᠭ᠎ᠠ ᠪᠠᠷ | ᠬᠠᠮᠤᠵᠤ ᠬᠤᠳᠬᠤᠨ ᠠᠪᠤᠭᠠᠳ ᠰᠡᠶᠢᠮᠡᠬᠡᠢ ᠴᠠᠭᠠᠨ ᠪᠦᠰ ᠢᠶᠠᠷ ᠬᠢᠭᠰᠡᠨ ᠤᠭᠤᠳᠠᠨ ᠳᠤ ᠦᠷᠦᠮ᠎ᠡ ᠪᠠᠨ ᠬᠢᠵᠦ | ᠱᠦᠭᠦᠷᠡᠭᠦᠯᠳᠡᠭ᠃ ᠡᠭᠡᠳᠡᠭᠰᠡᠨ ᠰᠦ ᠪᠠᠨ ᠳᠡᠮᠦᠷ ᠲᠤᠭᠤᠭᠠᠨ ᠳᠤ ᠬᠢᠵᠦ ᠵᠦᠭᠡᠯᠡᠨ ᠭᠠᠯ ᠢᠶᠠᠷ ᠪᠤᠴᠠᠯᠭᠠᠨ ᠰᠦ ᠨᠢ | ᠬᠦᠰᠢᠭᠡᠳ ᠢᠷᠡᠬᠦ ᠦᠶ᠎ᠡ ᠳᠤ ᠴᠠᠭᠠᠯᠠᠭᠰᠠᠨ ᠪᠤᠷᠭᠠᠰᠤᠨ ᠭᠦᠷᠦᠮᠡᠯ ᠤᠨ ᠵᠤᠤᠯᠢ ᠪᠠᠷ ᠰᠢᠷᠠᠰᠤ ᠶᠢ ᠨᠢ ᠱᠦᠭᠦᠵᠦ | ᠬᠦᠰᠢᠭᠰᠡᠨ ᠰᠦ ᠪᠠᠨ ᠳᠠᠬᠢᠨ ᠪᠤᠴᠠᠯᠭᠠᠨ ᠨᠤᠬᠤᠯᠠᠵᠤ ᠬᠤᠷᠤᠳ ᠪᠤᠯᠭᠠᠨ ᠮᠤᠳᠤᠨ ᠬᠡᠪ ᠪᠤᠶᠤ ᠱᠠᠭᠠᠵᠠᠩ ᠫᠢᠯᠠ | ᠵᠡᠷᠭᠡ ᠳᠤ ᠬᠢᠵᠦ ᠳᠠᠷᠤᠳᠠᠭ᠃ ᠬᠤᠷᠤᠳ ᠬᠢᠬᠦ ᠳᠤ ᠰᠦ ᠶᠢᠨ ᠢᠰᠦᠯᠭᠡ ᠶᠢ ᠳᠡᠩᠴᠡᠭᠦᠯᠬᠦ ᠬᠡᠷᠡᠭᠲᠠᠢ᠃ ᠢᠰᠦᠯᠭᠡ | ᠨᠢ ᠳᠡᠩᠴᠡᠪᠡᠯ ᠬᠤᠷᠤᠳ ᠰᠠᠶᠢᠬᠠᠨ ᠭᠠᠷᠬᠤ ᠪᠦᠭᠡᠳ ᠠᠷᠪᠢᠳᠠᠢ᠃ ᠢᠰᠦᠯᠭᠡ ᠨᠢ ᠪᠠᠭᠠᠳᠠᠪᠠᠯ ᠬᠤᠷᠤᠳ ᠨᠢ | ᠰᠢᠷᠪᠦᠰᠦᠯᠢᠭ ᠪᠤᠯᠵᠤ ᠰᠠᠶᠢᠬᠠᠨ ᠨᠢᠭᠳᠠᠷᠠᠨ ᠨᠡᠶᠢᠯᠡᠳᠡᠭ ᠦᠭᠡᠢ᠃ ᠡᠨᠡ ᠦᠶ᠎ᠡ ᠳᠤ ᠰᠢᠷᠠᠰᠤᠨ ᠤ ᠳᠡᠭᠡᠭᠦᠷᠬᠢ | ᠬᠦᠭᠡᠰᠦ ᠪᠠ ᠰᠢᠩᠭᠡᠨ ᠦᠷᠦᠮ᠎ᠡ ᠬᠢᠵᠦ ᠪᠠᠶᠢᠨ ᠳᠠᠬᠢᠨ ᠪᠤᠴᠠᠯᠭᠠᠵᠤ ᠰᠠᠶᠢᠬᠠᠨ ᠨᠤᠬᠤᠯᠠᠪᠠᠯ ᠬᠤᠷᠤᠳ ᠨᠢᠭᠳᠠᠷᠠᠨ | ᠨᠡᠶᠢᠯᠡᠵᠦ ᠰᠠᠶᠢᠬᠠᠨ ᠬᠤᠷᠤᠳ ᠪᠤᠯᠳᠠᠭ᠃ ᠢᠰᠦᠯᠭᠡ ᠨᠢ ᠠᠬᠠᠳᠠᠪᠠᠯ ᠬᠤᠷᠤᠳ ᠰᠢᠩᠭᠡᠷᠡᠨ ᠤᠷᠤᠰᠤᠨ᠎ᠠ᠃ ᠡᠶᠢᠮᠦ | ᠦᠶ᠎ᠡ ᠳᠤ ᠪᠠᠭ᠎ᠠ ᠰᠠᠭ᠎ᠠ ᠭᠤᠯᠢᠷ ᠬᠢᠵᠦ ᠰᠠᠶᠢᠨ ᠴᠢᠨᠠᠵᠤ ᠨᠤᠬᠤᠯᠠᠪᠠᠯ ᠬᠤᠷᠤᠳ ᠠᠭᠰᠢᠷᠠᠵᠤ ᠰᠠᠶᠢᠷᠠᠮᠠᠭ ᠰᠢᠭ᠋ | ᠬᠤᠷᠤᠳ ᠭᠠᠷᠳᠠᠭ᠃ | ᠠᠭᠠᠷᠴᠠ ᠶᠢᠨ ᠬᠤᠷᠤᠳ᠃ ᠠᠭᠠᠷᠴᠠ ᠶᠢᠨ ᠬᠤᠷᠤᠳ ᠪᠤᠯ ᠦᠨᠢᠶ᠎ᠡ ᠬᠤᠨᠢᠨ ᠤ ᠰᠦ ᠪᠠᠷ ᠬᠢᠭᠰᠡᠨ | ᠬᠦᠴᠢᠯᠢᠭ ᠬᠤᠷᠤᠳ ᠪᠤᠯᠤᠨ᠎ᠠ᠃ ᠠᠭᠠᠷᠴᠠ ᠶᠢᠨ ᠬᠤᠷᠤᠳ ᠢ ᠬᠢᠬᠦ ᠳᠤ ᠰᠠᠭᠠᠭᠰᠠᠨ ᠰᠦ ᠪᠠᠨ ᠦᠯᠡᠳᠡᠭᠰᠡᠨ ᠰᠦ | ᠶᠢᠨ ᠬᠦᠷᠦᠩᠭᠡ ᠲᠠᠢ ᠮᠤᠳᠤᠨ ᠭᠠᠩ ᠳᠤ ᠬᠢᠵᠦ ᠴᠤᠭᠯᠠᠭᠤᠯᠤᠭᠠᠳ ᠬᠡᠳᠦ ᠬᠤᠨᠤᠭᠰᠠᠨ ᠴᠦ ᠬᠠᠮᠢᠶ᠎ᠠ ᠦᠭᠡᠢ᠂ | ᠬᠡᠵᠢᠶ᠎ᠡ ᠭᠠᠩ ᠨᠢ ᠲᠦᠭᠦᠷᠪᠡᠯ ᠮᠤᠳᠤᠨ ᠭᠠᠩ ᠤᠨ ᠠᠮᠠᠰᠠᠷ ᠢᠶᠠᠨ ᠰᠠᠶᠢᠨ ᠳᠠᠷᠤᠵᠤ ᠵᠠᠢ ᠵᠠᠪᠰᠠᠷ ᠢᠶᠠᠷ ᠨᠢ ᠬᠦᠪᠦᠩ | ᠢᠶᠠᠷ ᠰᠠᠶᠢᠨ ᠴᠢᠭᠵᠢᠭᠡᠳ ᠭᠠᠩ ᠲᠠᠢ ᠰᠦ ᠪᠠᠨ ᠪᠦᠯᠢᠭᠦᠷ ᠮᠤᠳᠤ ᠪᠠᠷ ᠪᠠᠶᠢᠨ ᠳᠠᠬᠢᠨ ᠰᠠᠶᠢᠨ ᠪᠦᠯᠢᠵᠦ᠂ ᠰᠦ ᠨᠢ | ᠢᠰᠴᠦ ᠦᠷᠦᠮ᠎ᠡ ᠨᠢ ᠬᠡᠰᠡᠭ ᠬᠡᠰᠡᠭ ᠪᠦᠬᠦᠯᠢ ᠴᠠᠭᠠᠨ ᠲᠤᠰᠤ ᠪᠦᠭᠡᠮᠨᠡᠷᠡᠵᠦ ᠢᠯᠭᠠᠷᠠᠬᠤ ᠦᠶ᠎ᠡ ᠳᠤ ᠴᠠᠭᠠᠨ ᠲᠤᠰᠤ | ᠪᠠᠨ ᠪᠤᠷᠭᠠᠰᠤᠨ ᠵᠤᠤᠯᠢ ᠪᠠᠷ ᠱᠦᠬᠦᠨ ᠠᠪᠴᠣ ᠪᠦᠯᠢᠭᠰᠡᠨ ᠰᠦ ᠪᠠᠨ ᠲᠡᠮᠦᠷ ᠲᠤᠭᠤᠭᠠᠨ ᠳᠤ ᠬᠢᠵᠦ ᠬᠠᠳᠠᠭᠤ ᠰᠢᠭ᠋ | ᠭᠠᠯ ᠢᠶᠠᠷ ᠨᠡᠯᠢᠶᠡᠳ ᠤᠷᠳᠤ ᠬᠤᠭᠤᠴᠠᠭ᠎ᠠ ᠴᠢᠨᠠᠵᠤ ᠪᠤᠴᠠᠯᠭᠠᠭᠰᠠᠨ ᠤ ᠳᠠᠷᠠᠭ᠎ᠠ ᠰᠦ ᠪᠠᠨ ᠬᠦᠷᠦᠭᠡᠵᠦ ᠪᠦᠰ | ᠤᠭᠤᠳᠠᠨ ᠳᠤ ᠠᠭᠤᠳᠠᠯᠠᠵᠤ ᠠᠪᠤᠭᠠᠳ ᠬᠤᠶᠠᠷ ᠠᠮᠪᠠᠨ ᠤ ᠳᠤᠮᠳᠠ ᠬᠠᠪᠴᠢᠨ ᠳᠠᠷᠤᠵᠤ ᠳᠠᠯᠪᠢᠨ᠂ ᠰᠢᠩᠭᠡᠨ ᠰᠢᠷ᠎ᠠ | ᠤᠰᠤ ᠨᠢ ᠢᠯᠭᠠᠷᠠᠨ ᠤᠷᠤᠰᠴᠤ ᠭᠠᠷᠤᠭᠰᠠᠨ ᠤ ᠰᠡᠭᠦᠯᠡᠷ ᠱᠦᠭᠦᠮᠡᠯ ᠤᠨ ᠤᠭᠤᠳᠠᠨ ᠳᠤ ᠦᠯᠡᠳᠡᠭᠰᠡᠨ ᠨᠢ ᠳᠠᠷᠤᠢ | ᠠᠭᠠᠷᠴᠠ ᠶᠢᠨ ᠬᠤᠷᠤᠳ ᠪᠤᠯᠤᠨ᠎ᠠ᠃ ᠠᠭᠠᠷᠴᠠ ᠶᠢᠨ ᠬᠤᠷᠤᠳ ᠬᠦᠴᠢᠯᠢᠭ ᠠᠮᠳᠠ ᠲᠠᠢ᠂ ᠰᠢᠮ᠎ᠡ ᠳᠡᠵᠢᠭᠡᠯ ᠡᠯᠪᠡᠭ | ᠪᠠᠶᠢᠳᠠᠭ᠃ ᠠᠭᠠᠷᠴᠠ ᠶᠢᠨ ᠬᠤᠷᠤᠳ ᠬᠢᠬᠦ ᠳᠤ ᠮᠤᠳᠤᠨ ᠭᠠᠩ ᠤᠨ ᠳᠤᠳᠤᠷ᠎ᠠ ᠪᠠᠨ ᠡᠷᠬᠡᠪᠰᠢ ᠰᠦ ᠶᠢᠨ ᠬᠦᠮᠦᠷᠭᠡ | ᠪᠠᠨ ᠦᠯᠡᠳᠡᠭᠡᠵᠦ᠂ ᠳᠠᠬᠢᠨ ᠰᠢᠨ᠎ᠡ ᠰᠦ ᠪᠠᠨ ᠡᠨᠡ ᠬᠦᠮᠦᠷᠭᠡ ᠳᠡᠭᠡᠷ᠎ᠡ ᠪᠠᠨ ᠬᠢᠵᠦ ᠴᠤᠭᠯᠠᠭᠤᠯᠳᠠᠭ᠃ | ᠪᠢᠰᠢᠯᠠᠭ ᠤᠨ ᠬᠤᠷᠤᠳ ᠪᠠ ᠬᠠᠳᠠᠭᠠᠭᠰᠠᠨ ᠦᠷᠦᠮ᠎ᠡ᠃ ᠪᠢᠰᠢᠯᠠᠭ ᠤᠨ ᠬᠤᠷᠤᠳ ᠬᠡᠳᠡᠭ ᠨᠢ ᠨᠠᠮᠤᠷ ᠡᠪᠦᠯ | ᠤᠨ ᠤᠯᠠᠷᠢᠯ ᠳᠤ ᠦᠨᠢᠶᠡᠨ ᠰᠦ ᠪᠠᠷ ᠦᠷᠦᠮ᠎ᠡ ᠬᠦᠭᠡᠷᠦᠭᠦᠯᠵᠦ ᠬᠠᠳᠠᠭᠠᠳᠠᠭ᠃ ᠦᠷᠦᠮ᠎ᠡ ᠬᠠᠳᠠᠭᠠᠬᠤ ᠭᠡᠳᠡᠭ ᠨᠢ | ᠰᠠᠶ᠋ᠢ ᠰᠠᠭᠠᠭᠰᠠᠨ ᠦᠨᠢᠶᠡᠨ ᠰᠦ ᠪᠠᠨ ᠲᠡᠮᠦᠷ ᠲᠤᠭᠤᠭᠠᠨ ᠳᠤ ᠬᠢᠵᠦ ᠵᠦᠭᠡᠯᠡᠨ ᠭᠠᠯ ᠢᠶᠠᠷ ᠪᠤᠴᠠᠯᠭᠠᠨ᠎ᠠ᠃ ᠭᠡᠬᠦ | ᠳᠡᠭᠡᠨ ᠰᠦ ᠪᠠᠨ ᠰᠠᠶᠢᠨ ᠬᠦᠳᠡᠯᠭᠡᠵᠦ ᠰᠢᠨᠠᠭ᠎ᠠ ᠪᠠᠷ ᠰᠠᠶᠢᠨ ᠰᠠᠮᠤᠷᠤᠨ᠎ᠠ᠃ ᠰᠦ ᠶᠢᠨ ᠬᠦᠭᠡᠰᠦ ᠨᠢ ᠵᠤᠵᠠᠭᠠᠷᠠᠨ | ᠬᠦᠬᠡᠷᠬᠦ ᠦᠶ᠎ᠡ ᠳᠤ ᠭᠠᠯ ᠢᠶᠠᠨ ᠵᠤᠭᠰᠤᠭᠠᠵᠤ᠂ ᠲᠤᠭᠤᠭ᠎ᠠ ᠲᠠᠢ ᠰᠦ ᠪᠠᠨ ᠬᠦᠳᠡᠯᠭᠡᠬᠦ ᠦᠭᠡᠢ ᠪᠠᠷ ᠦᠷᠦᠮ᠎ᠡ ᠪᠠᠨ | ᠰᠠᠭᠤᠯᠭᠠᠨ᠎ᠠ᠃ ᠲᠤᠭᠤᠭᠠᠨ ᠳᠡᠭᠡᠭᠦᠷ ᠰᠠᠭᠤᠭᠰᠠᠨ ᠦᠷᠦᠮ᠎ᠡ ᠨᠢ ᠬᠠᠳᠠᠭᠤᠷᠠᠵᠤ ᠴᠠᠷᠴᠠᠭᠰᠠᠨ ᠤ ᠰᠡᠭᠦᠯᠡᠷ | ᠬᠤᠰᠤᠭᠤᠷ ᠢᠶᠠᠷ ᠦᠷᠦᠮ᠎ᠡ ᠪᠠᠨ ᠲᠤᠭᠤᠷᠢᠭᠤᠯᠤᠨ ᠬᠤᠰᠤᠵᠤ ᠲᠤᠭᠤᠭᠠᠨ ᠠᠴᠠ ᠰᠠᠯᠭᠠᠵᠤ ᠴᠡᠪᠡᠷ ᠲᠠᠷᠠᠰᠤ ᠪᠤᠶᠤ | ᠴᠠᠭᠠᠯᠠᠭᠰᠠᠨ ᠨᠠᠷᠢᠨ ᠪᠤᠷᠭᠠᠰᠤ ᠶᠢ ᠦᠷᠦᠮ᠎ᠡ ᠶᠢᠨ ᠲᠤᠤᠭᠤᠷ ᠰᠢᠷᠭᠤᠭᠤᠯᠵᠤ ᠡᠯᠭᠦᠨ ᠠᠪᠴᠤ ᠬᠠᠪᠰᠤᠷᠤᠨ | ᠨᠤᠭᠤᠯᠵᠤ ᠬᠦᠢᠳᠡᠨ ᠭᠠᠵᠠᠷ ᠳᠠᠯᠪᠢᠨ᠎ᠠ᠃ ᠢᠩᠭᠢᠪᠡᠯ ᠳᠠᠷᠤᠢ ᠬᠠᠳᠠᠭᠠᠭᠰᠠᠨ ᠦᠷᠦᠮ᠎ᠡ ᠪᠤᠯᠳᠠᠭ᠃ ᠬᠠᠳᠠᠭᠠᠭᠰᠠᠨ | ᠦᠷᠦᠮ᠎ᠡ ᠰᠢᠮ᠎ᠡ ᠳᠡᠵᠢᠭᠡᠯ ᠡᠯᠪᠡᠭ ᠪᠦᠬᠡᠳ ᠢᠳᠡᠬᠦ ᠳᠤ ᠲᠦᠢᠯ ᠤᠨ ᠠᠮᠳᠠᠳᠠᠢ ᠪᠠᠶᠢᠳᠠᠭ᠃ ᠦᠷᠦᠮ᠎ᠡ ᠶᠢᠨ | ᠲᠤᠤᠷᠠᠬᠢ ᠪᠤᠯᠤᠭᠰᠠᠨ ᠰᠦ ᠪᠠᠷ ᠪᠢᠰᠢᠯᠠᠭ ᠤᠨ ᠬᠤᠷᠤᠳ ᠬᠢᠳᠡᠭ᠃ ᠰᠦ ᠶᠢᠨ ᠳᠡᠭᠡᠭᠦᠷᠬᠢ ᠦᠷᠦᠮ᠎ᠡ ᠶᠢ | ᠠᠪᠤᠭᠰᠠᠨ ᠤ ᠳᠠᠷᠠᠭ᠎ᠠ ᠰᠦ ᠪᠠᠨ ᠳᠠᠬᠢᠨ ᠭᠠᠯ ᠳᠡᠭᠡᠷ᠎ᠡ ᠪᠤᠴᠠᠯᠭᠠᠵᠤ ᠰᠦ ᠳᠡᠭᠡᠨ ᠨᠢᠭᠡ ᠰᠢᠨᠠᠭ᠎ᠠ ᠠᠶᠢᠷᠠᠭ ᠬᠢᠪᠡᠯ | ᠰᠦ ᠨᠢ ᠡᠭᠡᠳᠡᠵᠦ ᠰᠢᠷᠠᠰᠤᠯᠠᠨᠠ᠂ ᠡᠨᠡ ᠦᠶ᠎ᠡ ᠳᠤ ᠪᠤᠷᠭᠠᠰᠤᠨ ᠵᠤᠤᠯᠢ ᠪᠠᠷ ᠱᠦᠭᠦᠵᠦ ᠠᠪᠤᠪᠠᠯ ᠳᠠᠷᠤᠢ ᠪᠢᠰᠢᠯᠠᠭ | ᠪᠤᠯᠳᠠᠭ᠃ ᠪᠢᠰᠢᠯᠠᠭ ᠤᠨ ᠬᠤᠷᠤᠳ ᠪᠤᠯᠤᠭᠰᠠᠨ ᠰᠦ ᠪᠠᠷ ᠬᠢᠭᠰᠡᠨ ᠪᠤᠯᠬᠤᠷ ᠰᠢᠬᠢᠷᠯᠢᠭ ᠠᠮᠳᠠᠳᠠᠢ ᠪᠦᠭᠡᠳ ᠰᠢᠮ᠎ᠡ | ᠳᠡᠵᠢᠭᠡᠯ ᠴᠦ ᠡᠯᠪᠡᠭ ᠠᠬᠤᠭᠤᠯᠤᠭᠳᠠᠳᠠᠭ᠃ | ᠠᠶᠢᠷᠠᠭ᠃ ᠬᠤᠷᠤᠳ ᠬᠢᠬᠦ ᠦᠶ᠎ᠡ ᠳᠤ ᠢᠯᠭᠠᠷᠠᠨ ᠭᠠᠷᠤᠭᠰᠠᠨ ᠰᠢᠩᠭᠡᠨ ᠰᠢᠷᠠᠰᠤ ᠪᠠᠨ ᠬᠤᠷᠤᠳ ᠬᠢᠭᠰᠡᠨ | ᠬᠠᠯᠠᠭᠤᠨ ᠲᠤᠭᠤᠭᠠᠨ ᠳᠠᠭᠠᠨ ᠬᠢᠵᠦ ᠳᠠᠬᠢᠨ ᠪᠤᠴᠠᠯᠭᠠᠭᠠᠳ ᠲᠤᠭᠤᠭ᠎ᠠ ᠲᠠᠢ ᠨᠢ ᠭᠠᠷᠭᠠᠵᠤ ᠳᠠᠯᠪᠢᠨ᠎ᠠ᠃ ᠰᠢᠷᠠᠰᠤ | ᠶᠢᠨ ᠠᠭᠰᠢᠭᠤᠨ ᠨᠢ ᠲᠤᠤᠷ᠎ᠠ ᠪᠠᠨ ᠰᠠᠭᠤᠬᠤ ᠦᠶ᠎ᠡ ᠳᠤ ᠰᠢᠩᠭᠡᠨ ᠤᠰᠤ ᠶᠢ ᠨᠢ ᠰᠢᠨᠠᠭ᠎ᠠ ᠪᠠᠷ ᠠᠭᠠᠵᠢᠮ | ᠬᠤᠳᠬᠤᠨ ᠠᠪᠴᠤ᠂ ᠠᠭᠰᠢᠭᠤᠨ ᠢ ᠨᠢ ᠭᠠᠩ ᠰᠠᠪᠠ ᠪᠠ ᠯᠤᠩᠬᠤᠨ ᠳᠤ ᠬᠢᠵᠦ ᠬᠠᠳᠠᠭᠠᠯᠠᠳᠠᠭ᠃ ᠡᠨᠡ ᠨᠢ ᠳᠠᠷᠤᠢ | ᠠᠶᠢᠷᠠᠭ ᠪᠤᠯᠤᠨ᠎ᠠ᠃ ᠠᠶᠢᠷᠠᠭ ᠤᠨ ᠳᠡᠭᠡᠷ᠎ᠡ ᠡᠪᠦᠯ ᠬᠠᠪᠤᠷ ᠤᠨ ᠴᠠᠭ ᠲᠤ ᠦᠨᠢᠶ᠎ᠡ ᠪᠠᠨ ᠰᠠᠭᠠᠭᠠᠳ ᠬᠠᠯᠠᠭᠤᠨ ᠰᠦ | ᠪᠠᠨ ᠬᠢᠪᠡᠯ ᠳᠡᠭᠡᠭᠦᠷ ᠢᠶᠠᠨ ᠬᠦᠭᠡᠰᠦᠷᠡᠨ ᠠᠭᠰᠢᠭᠠᠳ ᠬᠦᠭᠡᠰᠦ ᠰᠠᠭᠤᠳᠠᠭ᠃ ᠠᠶᠢᠷᠠᠭ ᠤᠨ ᠬᠦᠭᠡᠰᠦ ᠨᠢ ᠬᠠᠭᠤᠷᠠᠢ | ᠪᠤᠳᠠᠭ᠎ᠠ ᠲᠠᠢ ᠢᠳᠡᠬᠦ ᠳᠤ ᠦᠷᠦᠮ᠎ᠡ ᠠᠳᠠᠯᠢ ᠠᠮᠳᠠᠳᠠᠢ᠃ ᠠᠶᠢᠷᠠᠭ ᠢ ᠡᠪᠦᠯ ᠬᠠᠪᠤᠷ ᠤᠨ ᠴᠠᠭ ᠲᠠᠭᠠᠨ ᠴᠢᠨᠠᠭᠰᠠᠨ | ᠪᠤᠳᠠᠭᠠᠨ ᠳᠤ ᠬᠢᠵᠦ ᠢᠳᠡᠳᠡᠭ᠃ ᠠᠶᠢᠷᠠᠭ ᠨᠢ ᠰᠢᠮ᠎ᠡ ᠳᠡᠵᠢᠭᠡᠯ ᠡᠯᠪᠡᠭ ᠪᠦᠭᠡᠳ ᠵᠠᠷᠢᠮ ᠡᠪᠡᠳᠴᠢᠨ ᠢ ᠵᠠᠰᠠᠬᠤ | ᠦᠢᠯᠡᠳᠦᠯ ᠨᠢ ᠴᠦ ᠰᠠᠶᠢᠨ ᠪᠠᠶᠢᠳᠠᠭ᠃ | ᠡᠭᠡᠵᠡᠭᠡᠢ᠃ ᠬᠤᠷᠤᠳ ᠬᠢᠭᠡᠳ ᠦᠯᠡᠳᠡᠭᠰᠡᠨ ᠰᠢᠷᠠᠰᠤ ᠪᠠ ᠳᠠᠬᠢᠨ ᠪᠤᠴᠠᠯᠭᠠᠵᠤ ᠬᠦᠷᠦᠭᠡᠭᠰᠡᠨ ᠤ ᠰᠡᠭᠦᠯᠡᠷ | ᠰᠡᠶᠢᠮᠡᠭᠡᠢ ᠪᠦᠰ ᠢᠶᠠᠷ ᠤᠶᠤᠭᠰᠠᠨ ᠱᠦᠭᠦᠮᠡᠯ ᠤᠨ ᠤᠭᠤᠳᠠᠨ ᠳᠤ ᠬᠢᠵᠦ ᠳᠡᠭᠦᠵᠢᠯᠡᠵᠦ ᠳᠠᠯᠪᠢᠨ᠎ᠠ᠃ ᠪᠠᠷᠤᠭ ᠨᠢᠭᠡ | ᠡᠳᠦᠷ ᠱᠦᠭᠦᠷᠡᠭᠦᠯᠦᠭᠰᠡᠨ ᠤ ᠳᠠᠷᠠᠭ᠎ᠠ ᠠᠪᠴᠤ ᠬᠠᠳᠠᠭᠠᠨ ᠡᠭᠡᠵᠡᠭᠡᠢ ᠪᠤᠯᠭᠠᠳᠠᠭ᠃ ᠡᠭᠡᠵᠡᠭᠡᠢ ᠬᠦᠴᠢᠯᠢᠭ ᠰᠢᠬᠢᠷᠯᠢᠭ | ᠠᠮᠳᠠᠳᠠᠢ᠃ ᠰᠠᠶᠢᠨ ᠬᠠᠳᠠᠭᠠᠭᠰᠠᠨ ᠤ ᠰᠡᠭᠦᠯᠡᠷ ᠬᠡᠳᠦᠢ ᠤᠳᠠᠭᠠᠨ ᠬᠠᠳᠠᠭᠠᠯᠠᠪᠠᠴᠤ ᠴᠢᠨᠠᠷ ᠬᠤᠪᠢᠷᠠᠬᠤ ᠦᠭᠡᠢ | ᠪᠠᠶᠢᠳᠠᠭ᠃ | ᠴᠠᠭ᠎ᠠ᠃ ᠭᠠᠩ ᠰᠠᠪᠠᠨ ᠳᠤ ᠴᠤᠭᠯᠠᠭᠤᠯᠤᠭᠰᠠᠨ ᠠᠶᠢᠷᠠᠭ ᠢᠶᠠᠨ ᠳᠠᠬᠢᠨ ᠲᠤᠭᠤᠭᠠᠨ ᠳᠤ ᠬᠢᠵᠦ | ᠪᠤᠴᠠᠯᠭᠠᠭᠰᠠᠨ ᠢ ᠴᠠᠭ᠎ᠠ ᠭᠡᠳᠡᠭ᠃ ᠤᠳᠠᠭᠠᠨ ᠡᠳᠦᠷ ᠤᠨ ᠬᠠᠳᠠᠭᠠᠯᠠᠭᠰᠠᠨ ᠠᠶᠢᠷᠠᠭ ᠢ ᠳᠠᠬᠢᠨ ᠪᠤᠴᠠᠯᠭᠠᠭᠰᠠᠨ | ᠪᠤᠯᠬᠤᠷ ᠬᠦᠴᠦ ᠨᠢ ᠠᠶᠢᠷᠠᠭ ᠠᠴᠠ ᠬᠤᠯᠠ ᠢᠯᠡᠭᠦᠦ᠂ ᠪᠤᠳᠠᠭ᠎ᠠ ᠴᠢᠨᠠᠵᠤ ᠢᠳᠡᠬᠦ ᠳᠤ ᠠᠶᠢᠷᠠᠭ ᠠᠴᠠ ᠠᠷᠪᠢᠳᠠᠢ᠂ | ᠰᠢᠮ᠎ᠡ ᠳᠡᠵᠢᠭᠡᠯ ᠡᠯᠪᠡᠭ ᠪᠦᠭᠡᠳ ᠬᠤᠤᠷᠳᠠᠯ ᠢ ᠳᠠᠷᠤᠬᠤ ᠴᠢᠳᠠᠯ ᠲᠠᠢ᠂ ᠭᠡᠳᠡᠰᠦ ᠡᠪᠡᠳᠴᠦ ᠳᠦᠭᠦᠷᠬᠦ᠂ ᠢᠳᠡᠭᠡᠨ | ᠪᠤᠶᠤ ᠡᠮ ᠳᠤ ᠬᠤᠤᠷᠳᠠᠭᠰᠠᠨ ᠦᠶ᠎ᠡ ᠳᠤ ᠨᠢᠭᠡ ᠠᠶᠠᠭ᠎ᠠ ᠴᠠᠭ᠎ᠠ ᠶᠢ ᠬᠠᠯᠠᠭᠤᠯᠵᠤ ᠪᠠᠶᠢᠭᠠᠳ ᠤᠤᠭᠤᠪᠠᠯ ᠡᠪᠡᠳᠬᠦ | ᠨᠢ ᠲᠤᠤᠷ᠎ᠠ ᠪᠠᠨ ᠰᠠᠶᠢᠨ ᠪᠤᠯᠬᠤ ᠪᠤᠶᠤ ᠬᠤᠤᠷ ᠢ ᠳᠠᠶᠢᠯᠳᠠᠭ᠃ ᠡᠪᠦᠯ ᠤᠨ ᠤᠯᠠᠷᠢᠯ ᠳᠤ ᠲᠦᠯ ᠮᠠᠯ ᠤᠨ | ᠳᠠᠭᠠᠷᠠᠵᠤ ᠪᠡᠭᠡᠷᠡᠭᠰᠡᠨ ᠦᠶ᠎ᠡ ᠳᠤ ᠴᠠᠭ᠎ᠠ ᠶᠢ ᠬᠠᠯᠠᠭᠤᠯᠵᠤ ᠪᠠᠶᠢᠭᠠᠳ ᠪᠠᠭ᠎ᠠ ᠬᠡᠮᠵᠢᠶᠡᠨ ᠤ ᠰᠢᠷ᠎ᠠ ᠲᠤᠰᠤ ᠬᠢᠭᠡᠳ | ᠴᠢᠳᠬᠤᠵᠤ ᠦᠭᠪᠡᠯ ᠲᠤᠤᠷ᠎ᠠ ᠪᠠᠨ ᠰᠠᠶᠢᠨ ᠪᠤᠯᠬᠤ ᠡᠮᠨᠡᠯᠭᠡ ᠶᠢᠨ ᠦᠢᠯᠡᠳᠦᠯ ᠲᠠᠢ᠃ | ᠠᠭᠠᠷᠤᠤᠯ᠃ ᠴᠠᠭ᠎ᠠ ᠶᠢ ᠳᠠᠬᠢᠨ ᠪᠤᠴᠠᠯᠭᠠᠵᠤ ᠱᠦᠭᠦᠮᠡᠯ ᠤᠨ ᠤᠭᠤᠳᠠᠨ ᠳᠤ ᠬᠢᠵᠦ ᠰᠢᠩᠭᠡᠨ ᠢ ᠨᠢ | ᠱᠦᠭᠦᠷᠡᠭᠦᠯᠦᠭᠡᠳ ᠦᠯᠡᠳᠡᠭᠰᠡᠨ ᠠᠭᠰᠢᠭᠤᠨ ᠢ ᠨᠢ ᠠᠭᠠᠷᠤᠤᠯ ᠭᠡᠳᠡᠭ᠃ ᠠᠭᠠᠷᠤᠤᠯ ᠢ ᠰᠠᠶᠢᠨ ᠬᠠᠳᠠᠭᠠᠵᠤ | ᠬᠠᠳᠠᠭᠠᠯᠠᠭᠠᠳ ᠠᠶᠠᠨ ᠳᠡᠭᠡᠭᠡᠪᠦᠷᠢ᠂ ᠬᠤᠯᠠ ᠵᠠᠮ ᠶᠠᠪᠤᠬᠤ ᠪᠤᠶᠤ ᠬᠡᠳᠦᠨ ᠡᠳᠦᠷ ᠢᠶᠠᠷ ᠬᠡᠭᠡᠷ᠎ᠡ ᠭᠠᠳᠠᠨ᠎ᠠ ᠠᠵᠢᠯ | ᠬᠦᠳᠡᠯᠮᠦᠷᠢ ᠳᠤ ᠶᠠᠪᠤᠬᠤ ᠳᠠᠭᠠᠨ ᠠᠪᠴᠤ ᠶᠠᠪᠤᠭᠠᠳ ᠪᠤᠳᠠᠭ᠎ᠠ ᠴᠢᠨᠠᠬᠤ ᠳᠠᠭᠠᠨ ᠠᠶᠢᠷᠠᠭ ᠴᠠᠭ᠎ᠠ ᠶᠢᠨ ᠤᠷᠤᠨ ᠳᠤ | ᠬᠡᠷᠡᠭᠯᠡᠳᠡᠭ ᠪᠦᠭᠡᠳ ᠴᠢᠭᠢᠭ ᠨᠤᠶᠢᠳᠠᠨ ᠳᠤ ᠭᠡᠳᠡᠰᠦ ᠳᠤᠳᠤᠷ ᠡᠪᠡᠳᠬᠦ ᠳᠤ ᠢᠳᠡᠪᠡᠯ ᠡᠮ ᠳᠠᠩ ᠤᠨ ᠦᠢᠯᠡᠳᠦᠯ | ᠭᠠᠷᠭᠠᠳᠠᠭ᠃ | ᠰᠢᠷ᠎ᠠ ᠲᠤᠰᠤ᠃ ᠦᠷᠦᠮ᠎ᠠ ᠪᠠᠨ ᠱᠦᠭᠦᠮᠡᠯ ᠳᠤ ᠬᠢᠵᠦ ᠱᠦᠭᠦᠷᠡᠭᠦᠯᠦᠭᠰᠡᠨ ᠤ ᠳᠠᠷᠠᠭ᠎ᠠ ᠲᠡᠮᠦᠷ ᠲᠤᠭᠤᠭᠠᠨ | ᠳᠤ ᠬᠢᠵᠦ ᠦᠩᠭᠦᠷᠢᠭᠦᠯ ᠮᠤᠳᠤ ᠪᠠᠷ ᠬᠦᠳᠡᠯᠭᠡᠵᠦ ᠡᠷᠴᠢᠭᠡᠨᠡ᠃ ᠱᠦᠭᠦᠷᠡᠭᠰᠡᠨ ᠦᠷᠦᠮ᠎ᠡ ᠨᠢ ᠨᠡᠯᠢᠶᠡᠳ ᠰᠢᠩᠭᠡᠷᠡᠨ | ᠨᠤᠤᠷᠠᠭᠠᠳ ᠢᠷᠡᠬᠦ ᠦᠶ᠎ᠡ ᠳᠤ ᠬᠦᠢᠳᠡᠨ ᠰᠢᠷᠠᠰᠤ ᠬᠢᠵᠦ ᠳᠠᠬᠢᠨ ᠬᠦᠳᠡᠯᠭᠡᠪᠡᠯ ᠦᠷᠦᠮ᠎ᠡ ᠨᠢ ᠬᠡᠰᠡᠭ ᠬᠡᠰᠡᠭ ᠢᠶᠠᠷ | ᠪᠦᠭᠡᠮᠨᠡᠷᠡᠵᠦ ᠬᠠᠳᠠᠭᠤᠷᠠᠨ᠂ ᠣᠭᠢᠶᠠᠳᠠᠰᠤ ᠨᠢ ᠢᠯᠭᠠᠷᠠᠬᠤ ᠦᠶ᠎ᠡ ᠳᠤ ᠵᠤᠤᠯᠢ ᠪᠠᠷ ᠦᠷᠦᠮ᠎ᠡ ᠪᠠᠨ ᠱᠦᠭᠦᠨ ᠠᠪᠴᠤ | ᠳᠡᠮᠦᠷ ᠲᠤᠭᠤᠭᠠᠨ ᠳᠤ ᠬᠢᠵᠦ ᠠᠷᠭᠠᠯ ᠤᠨ ᠵᠦᠭᠡᠯᠡᠨ ᠭᠠᠯ ᠢᠶᠠᠷ ᠪᠤᠴᠠᠯᠭᠠᠬᠤ ᠳᠠᠭᠠᠨ ᠰᠢᠨᠠᠭ᠎ᠠ ᠪᠠᠷ ᠰᠠᠶᠢᠨ | ᠬᠦᠳᠡᠯᠭᠡᠵᠦ ᠲᠤᠭᠤᠭᠠᠨ ᠤ ᠢᠷᠤᠭᠠᠷ ᠲᠤ ᠬᠤᠮᠤᠰᠳᠤᠵᠤ ᠰᠠᠭᠤᠬᠤ ᠶᠢ ᠬᠢᠴᠢᠶᠡᠬᠦ ᠬᠡᠷᠡᠭᠲᠠᠢ᠃ ᠢᠩᠭᠢᠵᠦ ᠨᠡᠯᠢᠶᠡᠳ | ᠪᠤᠴᠠᠯᠭᠠᠪᠠᠯ ᠲᠤᠰᠤ ᠨᠢ ᠢᠯᠭᠠᠷᠠᠵᠤ᠂ ᠴᠦᠴᠦᠭᠡᠢ ᠨᠢ ᠲᠤᠤᠷ᠎ᠠ ᠪᠠᠨ ᠠᠭᠰᠢᠷᠠᠨ ᠦᠯᠡᠳᠡᠵᠦ᠂ ᠳᠡᠭᠡᠭᠦᠷ ᠨᠢ | ᠢᠯᠭᠠᠷᠠᠨ ᠭᠠᠷᠤᠭᠰᠠᠨ ᠲᠤᠰᠤ ᠪᠤᠯ ᠲᠠᠷᠤᠢ ᠰᠢᠷ᠎ᠠ ᠲᠤᠰᠤ ᠪᠤᠯᠤᠨ᠎ᠠ᠃ ᠰᠢᠷ᠎ᠠ ᠲᠤᠰᠤ ᠨᠢ ᠴᠠᠭᠠᠨ ᠢᠳᠡᠭᠡᠨ ᠤ | ᠲᠤᠳᠤᠷᠠᠬᠢ ᠤᠬᠢ ᠰᠠᠶᠢᠨ ᠢᠳᠡᠭᠡᠨ ᠮᠦᠨ᠃ ᠰᠢᠮ᠎ᠡ ᠳᠡᠵᠢᠭᠡᠯ ᠢᠶᠠᠷ ᠡᠯᠪᠡᠭ᠂ ᠸᠢᠲ᠋ᠠᠮᠢᠨ ᠤᠭᠤᠷᠠᠭ ᠤᠨ | ᠠᠬᠤᠭᠤᠯᠤᠭᠳᠠᠴᠠ ᠦᠨᠳᠦᠷ ᠪᠦᠭᠡᠳ ᠡᠪᠡᠳᠴᠢᠨ ᠢ ᠵᠠᠰᠠᠬᠤ ᠡᠮ ᠤᠨ ᠦᠢᠯᠡᠳᠦᠯ ᠢᠶᠠᠷ ᠴᠦ ᠰᠠᠶᠢᠨ ᠪᠠᠶᠢᠳᠠᠭ᠃ | ᠵᠠᠩᠰᠢᠯ ᠢᠶᠠᠷ ᠠᠷᠭ᠎ᠠ ᠶᠢᠨ ᠤᠯᠠᠷᠢᠯ ᠤᠨ 8 ᠰᠠᠷ᠎ᠠ ᠶᠢᠨ 15 ᠤ ᠡᠳᠦᠷ ᠠᠴᠠ ᠡᠮᠦᠨ᠎ᠡ ᠯᠤᠩᠬᠤ ᠲᠠᠢ ᠰᠢᠷ᠎ᠠ ᠲᠤᠰᠤ | ᠪᠠᠨ ᠬᠤᠨᠢᠨ ᠭᠦᠵᠡᠭᠡ ᠪᠤᠶᠤ ᠤᠯᠤᠭᠠᠢ ᠳᠤ ᠬᠢᠵᠦ ᠠᠪᠬᠤ ᠬᠡᠷᠡᠭᠲᠠᠢ ᠭᠡᠳᠡᠭ᠃ ᠬᠡᠷᠪᠡ ᠶᠡᠭᠦᠯᠡᠵᠦ ᠵᠠᠪᠳᠤᠬᠤ ᠦᠭᠡᠢ | ᠪᠤᠯ ᠮᠤᠳᠤ ᠪᠠᠷ ᠰᠤᠷ ᠵᠤᠷᠭᠤᠵᠤ ᠯᠤᠩᠬᠤ ᠲᠠᠢ ᠲᠤᠰᠤᠨ ᠳᠠᠭᠠᠨ ᠬᠠᠳᠬᠤᠵᠤ ᠳᠠᠯᠪᠢᠬᠤ ᠬᠡᠷᠡᠭᠲᠠᠢ᠃ ᠤᠴᠢᠷ ᠨᠢ | 8 ᠰᠠᠷ᠎ᠠ ᠶᠢᠨ 15 ᠤ ᠦᠶ᠎ᠡ ᠪᠤᠯ ᠪᠤᠭᠤᠨ ᠤ ᠤᠷᠤᠭ᠎ᠠ ᠶᠢᠨ ᠬᠤᠭᠤᠴᠠᠭ᠎ᠠ ᠪᠤᠯᠬᠤᠷ ᠦᠷᠦᠮᠳᠡᠵᠦ ᠮᠦᠬᠡᠷᠡᠬᠦ ᠦᠶ᠎ᠡ | ᠳᠤ ᠠᠰ ᠱᠤᠭᠤᠮ ᠳᠠᠭᠠᠷᠠᠪᠠᠯ ᠯᠤᠩᠬᠤ ᠰᠠᠪᠠ ᠬᠠᠭᠠᠷᠠᠬᠤ ᠠᠶᠤᠮᠰᠢᠭᠳᠠᠢ ᠭᠡᠳᠡᠭ᠃ | ᠴᠦᠴᠦᠭᠡᠢ᠃ ᠰᠢᠷ᠎ᠠ ᠲᠤᠰᠤ ᠬᠠᠶᠢᠯᠬᠤ ᠦᠶ᠎ᠡ ᠳᠤ ᠢᠯᠭᠠᠷᠠᠨ ᠦᠯᠡᠳᠡᠭᠰᠡᠨ ᠠᠭᠰᠢᠭᠤᠨ ᠢ ᠴᠦᠴᠦᠭᠡᠢ | ᠭᠡᠨ᠎ᠡ᠃ ᠴᠦᠴᠦᠭᠡᠢ ᠶᠢ ᠬᠠᠭᠤᠷᠤᠭᠰᠠᠨ ᠪᠤᠳᠠᠭ᠎ᠠ ᠲᠠᠢ ᠬᠤᠳᠬᠤᠨ ᠢᠳᠡᠵᠦ ᠪᠤᠯᠬᠤ ᠪᠦᠭᠡᠳ ᠡᠭᠡᠵᠡᠭᠡᠢ ᠰᠢᠭ | ᠬᠠᠳᠠᠭᠠᠭᠠᠳ ᠡᠪᠦᠯ ᠬᠠᠪᠤᠷ ᠤᠨ ᠤᠯᠠᠷᠢᠯ ᠳᠤ ᠴᠠᠢ ᠶᠢᠨ ᠬᠤᠯᠢᠶ᠎ᠠ ᠬᠢᠳᠡᠭ᠃ ᠡᠷᠴᠢᠭᠡᠭᠰᠡᠨ ᠦᠭᠡᠢ ᠦᠷᠦᠮ᠎ᠡ ᠪᠠᠷ | ᠲᠤᠰᠤ ᠬᠠᠶᠢᠯᠤᠭᠤᠯᠪᠠᠯ ᠴᠦᠴᠦᠭᠡᠢ ᠨᠢ ᠠᠷᠪᠢᠨ ᠭᠠᠷᠳᠠᠭ᠃ ᠴᠦᠴᠦᠭᠡᠢ ᠪᠤᠯ ᠲᠤᠰᠤᠯᠢᠭ ᠬᠦᠴᠢᠯᠢᠭ ᠠᠮᠳᠠᠳᠠᠢ | ᠰᠢᠮ᠎ᠡ ᠳᠡᠵᠢᠭᠡᠯ ᠢᠶᠠᠷ ᠰᠠᠶᠢᠨ ᠢᠳᠡᠭᠡᠨ ᠪᠤᠯᠤᠨ᠎ᠠ᠃ | ᠴᠠᠭᠠᠨ ᠲᠤᠰᠤ᠃ ᠦᠷᠦᠮ᠎ᠡ ᠪᠠᠨ ᠡᠷᠴᠢᠭᠡᠬᠦ ᠦᠶ᠎ᠡ ᠳᠤ ᠰᠠᠶᠢᠨ ᠡᠷᠴᠢᠭᠡᠭᠰᠡᠨ ᠬᠠᠳᠠᠭᠤ ᠦᠷᠦᠮ᠎ᠡ ᠪᠠ | ᠠᠭᠠᠷᠴᠠ ᠶᠢᠨ ᠬᠤᠷᠤᠳ ᠬᠢᠬᠦ ᠳᠤ ᠪᠤᠯᠤᠭᠰᠠᠨ ᠰᠦ ᠶᠢᠨ ᠳᠡᠭᠡᠭᠦᠷ ᠪᠦᠭᠡᠮᠨᠡᠷᠡᠨ ᠢᠯᠭᠠᠷᠠᠭᠰᠠᠨ ᠬᠠᠳᠠᠭᠤ ᠦᠷᠦᠮ᠎ᠡ | ᠶᠢ ᠴᠠᠭᠠᠨ ᠲᠤᠰᠤ ᠭᠡᠳᠡᠭ᠃ ᠴᠠᠭᠠᠨ ᠲᠤᠰᠤ ᠶᠢ ᠡᠪᠦᠯ ᠬᠠᠪᠤᠷ ᠤᠨ ᠰᠡᠷᠢᠭᠦᠨ ᠤᠯᠠᠷᠢᠯ ᠳᠤ ᠢᠳᠡᠳᠡᠭ ᠰᠢᠮ᠎ᠡ | ᠳᠡᠵᠢᠭᠡᠯ ᠰᠠᠶᠢᠳᠠᠢ ᠢᠳᠡᠭᠡᠨ ᠮᠦᠨ᠃ ᠦᠩᠭᠡᠷᠡᠭᠰᠡᠨ ᠳᠤ ᠪᠤᠷᠬᠠᠨ ᠳᠡᠬᠢᠬᠤ ᠦᠶ᠎ᠡ ᠳᠤ ᠭᠤᠯᠢᠷ ᠢᠶᠠᠷ ᠪᠠᠷᠢᠭᠰᠠᠨ | ᠪᠠᠯᠢᠩ ᠤᠨ ᠤᠷᠤᠢ ᠪᠠ ᠬᠦᠢᠰᠦ ᠶᠢ ᠬᠢᠬᠦ ᠳᠤ ᠴᠦ ᠬᠡᠷᠡᠭᠯᠡᠳᠡᠭ ᠪᠠᠶᠢᠭᠰᠠᠨ ᠶᠤᠮ᠃ | | | ᠡᠪᠴᠢᠭᠦᠴᠢᠨ᠂ ᠳᠣᠨᠤᠷᠤᠪ ᠤᠨ ᠨᠠᠶᠢᠷᠠᠭᠤᠯᠣᠨ ᠵᠣᠬᠢᠶᠠᠭᠰᠠᠨ ︽ᠠᠷᠤ ᠬᠤᠷᠴᠢᠨ ᠨᠤᠲᠤᠭ ᠤᠨ | ᠤᠯᠠᠮᠵᠢᠯᠠᠯᠲᠤ ᠰᠤᠶᠤᠯ︾ ᠭᠡᠬᠦ ᠨᠣᠮ ᠠᠴᠠ ᠰᠣᠩᠭᠤᠪᠠ | | |