ᠠᠷᠤ ᠬᠤᠷᠴᠢᠨ ᠮᠤᠩᠭᠤᠯᠴᠤᠳ ᠤᠨ ᠠᠪᠠ ᠠᠩᠨᠠᠯ
ᠨᠡᠶᠢᠲᠡᠯᠡᠭᠰᠡᠨ ᠴᠠᠭ᠄
2019/8/9
     ᠠᠪᠠ ᠠᠩᠨᠠᠬᠤ ᠳᠤ ᠭᠤᠷᠪᠠᠨ ᠵᠦᠢᠯ ᠤᠨ ᠠᠪᠠᠯᠠᠬᠤ ᠠᠷᠭ᠎ᠠ ᠪᠠᠶᠢᠳᠠᠭ᠃      ᠨᠢᠭᠡ᠂ ᠬᠦᠷᠢᠶ᠎ᠡ ᠠᠪᠠ      ᠬᠦᠷᠢᠶ᠎ᠡ ᠠᠪᠠ ᠭᠡᠳᠡᠭ ᠨᠢ ᠨᠢᠭᠡᠴᠡ ᠪᠠ ᠬᠤᠪᠢ ᠬᠦᠮᠦᠨ ᠬᠠᠮᠳᠤᠷᠠᠨ ᠬᠤᠯᠪᠤᠭᠠᠯᠠᠵᠤ ᠠᠪᠠᠯᠠᠬᠤ  ᠬᠡᠯᠡᠨ᠎ᠡ᠃ ᠵᠤᠬᠢᠶᠠᠨ ᠪᠠᠶᠢᠭᠤᠯᠬᠤ ᠨᠢᠭᠡᠴᠡ ᠪᠠ ᠬᠤᠪᠢ ᠬᠦᠮᠦᠨ ᠨᠢ ᠵᠠᠷ ᠮᠡᠳᠡᠭᠡ ᠲᠠᠷᠬᠠᠭᠠᠵᠤ᠂ ᠬᠡᠳᠦᠨ ᠰᠤᠮᠤ ᠬᠡᠳᠦᠨ ᠭᠠᠴᠠᠭ᠎ᠠ ᠨᠡᠶᠢᠯᠡᠵᠦ᠂ ᠬᠠᠰᠢᠷ ᠲᠤᠷᠰᠢᠯᠭ᠎ᠠ ᠲᠠᠢ ᠠᠩᠴᠢᠨ ᠢᠶᠠᠷ ᠠᠪᠠ ᠶᠢᠨ ᠳᠠᠭᠠᠭᠠᠮᠠᠯ ᠳᠠᠯᠪᠢᠵᠤ᠂ ᠲᠤᠰ ᠬᠦᠮᠦᠨ  ᠤ ᠵᠠᠷᠯᠢᠭ ᠵᠢᠭᠠᠪᠤᠷᠢ ᠪᠠᠷ ᠶᠠᠪᠤᠵᠤ᠂ ᠠᠪᠠᠯᠠᠬᠤ ᠭᠠᠵᠠᠷ ᠤᠷᠤᠨ ᠢᠶᠠᠨ ᠲᠤᠭᠳᠠᠭᠠᠭᠰᠠᠨ ᠤ ᠰᠡᠭᠦᠯᠡᠷ ᠠᠪᠠ ᠶᠢᠨ ᠳᠠᠭᠠᠭᠠᠮᠠᠯ ᠨᠢ ᠬᠦᠮᠦᠨ ᠤ ᠬᠦᠴᠦᠨ ᠢᠶᠠᠨ ᠵᠤᠬᠢᠶᠠᠨ ᠪᠠᠶᠢᠭᠤᠯᠵᠤ ᠳᠦᠷᠪᠡᠨ ᠵᠦᠭ ᠨᠠᠢᠮᠠᠨ ᠵᠤᠪᠬᠢᠰ ᠠᠴᠠ ᠳᠤᠳᠤᠭᠰᠢ ᠬᠦᠷᠢᠶ᠎ᠡ ᠳᠠᠳᠠᠨ ᠭᠠᠳᠠᠨ᠎ᠠ ᠠᠴᠠ ᠳᠤᠳᠤᠭᠰᠢ ᠬᠤᠮᠢᠵᠤ ᠠᠪᠠᠯᠠᠬᠤ ᠶᠢ ᠬᠦᠷᠢᠶ᠎ᠡ ᠠᠪᠠ ᠭᠡᠵᠦ ᠬᠡᠯᠡᠨ᠎ᠡ᠃ ᠡᠭᠦᠨ ᠳᠤ ᠠᠯᠢ ᠵᠦᠭ ᠠᠴᠠ ᠠᠯᠢ ᠰᠤᠮᠤ ᠠᠯᠢ ᠭᠠᠴᠠᠭ᠎ᠠ ᠬᠤᠮᠢᠵᠤ ᠬᠠᠰᠢᠬᠤ ᠶᠢ ᠲᠤᠭᠳᠠᠭᠠᠵᠤ ᠳᠡᠰ ᠳᠠᠷᠠᠭ᠎ᠠ ᠲᠠᠢ ᠨᠢᠭᠡ ᠠᠴᠠ ᠪᠠᠨ ᠨᠢᠭᠡ ᠨᠢ ᠵᠠᠯᠭᠠᠵᠤ ᠬᠦᠷᠢᠶ᠎ᠡ ᠳᠠᠳᠠᠨ ᠠᠪᠠᠯᠠᠨ᠎ᠠ᠃ ᠢᠩᠭᠢᠵᠦ ᠭᠠᠳᠠᠨ᠎ᠠ ᠠᠴᠠ ᠳᠤᠳᠤᠭᠰᠢ ᠰᠢᠬᠠᠵᠤ ᠬᠤᠮᠢᠭᠰᠠᠭᠠᠷ ᠪᠠᠶᠢᠭᠠᠳ ᠬᠠᠮᠤᠭ ᠰᠡᠭᠦᠯ ᠳᠤᠨᠢ ᠲᠤᠭᠳᠠᠭᠰᠠᠨ ᠴᠡᠭ ᠤᠷᠤᠭᠤ ᠠᠩ ᠠᠮᠢᠳᠠᠨ ᠢ ᠬᠦᠭᠡᠭᠡᠨ ᠤᠷᠤᠭᠤᠯᠵᠤ ᠠᠷᠢᠶᠠᠳᠠᠨ ᠵᠢᠭᠦᠷᠳᠡᠨ ᠢ ᠠᠩᠨᠠᠨ ᠠᠯᠠᠳᠠᠭ ᠪᠠᠶᠢᠨ᠎ᠠ᠃ ᠡᠭᠦᠨ ᠳᠤ ᠠᠩ ᠤᠨ ᠬᠦᠷᠢᠶᠡᠨ ᠳᠤ ᠬᠤᠮᠢᠭᠳᠠᠨ ᠤᠷᠤᠭᠰᠠᠨ ᠠᠷᠢᠶᠠᠳᠠᠨ ᠵᠢᠭᠦᠷᠳᠡᠨ ᠢ ᠪᠦᠳᠦᠭᠦᠨ ᠪᠠᠭ᠎ᠠ ᠭᠡᠵᠦ ᠢᠯᠭᠠᠯ ᠦᠭᠡᠢ ᠠᠯᠠᠨ᠎ᠠ᠃ ᠠᠯᠠᠪᠠᠯ ᠮᠢᠬ᠎ᠠ᠂ ᠠᠯᠳᠠᠪᠠᠯ ᠪᠠᠬ᠎ᠠ᠂ ᠪᠦᠳᠦᠨ᠎ᠡ ᠠᠯᠠᠪᠠᠴᠤ ᠭᠠᠨᠵᠤᠭ᠎ᠠ ᠪᠦᠳᠦᠭᠦᠷᠡᠵᠦ᠂ ᠤᠨᠠᠪᠠᠴᠤ ᠤᠷᠤᠭᠰᠢ ᠪᠠᠨ ᠭᠡᠵᠦ ᠬᠡᠯᠡᠳᠡᠭ᠃      ᠬᠤᠶᠠᠷ᠂ ᠳᠠᠷᠤᠭ᠎ᠠ ᠠᠪᠠ      ᠳᠠᠷᠤᠭ᠎ᠠ ᠠᠪᠠ ᠭᠡᠳᠡᠭ ᠨᠢ ᠠᠭᠤᠯᠠ ᠶᠢᠨ ᠪᠠᠷᠳᠠᠭᠠᠨ ᠠᠴᠠ ᠠᠩ ᠤᠨ ᠠᠮᠢᠳᠠᠨ ᠢ ᠠᠶᠤᠯᠭᠠᠨ ᠬᠦᠭᠡᠭᠡᠵᠦ᠂ ᠭᠠᠵᠠᠷ ᠤᠨ ᠴᠠᠭᠠᠨ ᠪᠤᠶᠤ ᠠᠭᠤᠯᠠ ᠶᠢᠨ ᠬᠦᠳᠦᠯ ᠲᠤᠮ ᠦᠭᠡᠳᠡ ᠳᠠᠷᠤᠵᠤ ᠠᠪᠠᠴᠢᠬᠤ ᠶᠢ ᠳᠠᠷᠤᠭ᠎ᠠ ᠠᠪᠠ ᠭᠡᠨ᠎ᠡ᠃ ᠳᠠᠷᠤᠭ᠎ᠠ ᠠᠪᠠ ᠠᠩᠨᠠᠬᠤ ᠳᠤ ᠭᠤᠤᠯᠳᠠᠭᠤ ᠬᠡᠭᠡᠷ᠎ᠡ ᠶᠢᠨ ᠭᠠᠭ᠋ᠠᠢ᠂ ᠴᠢᠨ᠋ᠸ᠎ᠠ᠂ ᠰᠢᠯᠦᠭᠦᠰᠦ᠂ ᠦᠨᠡᠭᠡ ᠵᠡᠷᠭᠡ ᠵᠡᠷᠯᠢᠭ ᠬᠤᠯᠵᠢᠨ ᠠᠮᠢᠳᠠᠨ ᠢ ᠠᠩᠨᠠᠳᠠᠭ ᠪᠠᠶᠢᠨ᠎ᠠ᠃ ᠡᠭᠦᠨ ᠳᠤ ᠠᠪᠠ ᠶᠢᠨ ᠳᠠᠭᠠᠭᠠᠮᠠᠯ ᠠᠴᠠ ᠠᠪᠠᠯᠠᠬᠤ ᠭᠤᠤᠯ ᠤᠷᠤᠨ ᠭᠠᠵᠠᠷ ᠢᠶᠠᠨ ᠲᠤᠭᠳᠠᠭᠠᠭᠠᠳ ᠬᠦᠮᠦᠨ ᠤ ᠬᠦᠴᠦᠨ ᠢᠶᠠᠨ ᠲᠤᠬᠢᠷᠠᠭᠤᠯᠤᠨ᠎ᠠ᠃ ᠤᠷᠢᠳ ᠢᠶᠠᠷ ᠠᠳᠡ ᠠᠴᠠ ᠪᠤᠰᠤᠭᠰᠠᠨ ᠠᠩ ᠭᠦᠷᠦᠭᠡᠰᠦ ᠠᠯᠢ ᠠᠭᠤᠯᠠᠨ ᠠᠴᠠ ᠠᠯᠢ ᠬᠦᠳᠦᠯ ᠢᠶᠠᠷ ᠳᠠᠭᠠᠷᠢᠵᠤ ᠴᠠᠭᠠᠳᠠᠢ ᠠᠭᠤᠯᠠ ᠶᠢᠨ ᠠᠯᠢ ᠬᠦᠳᠦᠯ ᠳᠤᠮ ᠢᠶᠠᠷ ᠤᠴᠢᠬᠤ ᠶᠢ ᠳᠦᠰᠦᠪᠯᠡᠨ ᠪᠤᠳᠤᠵᠤ᠂ ᠲᠡᠷᠡ ᠭᠠᠵᠠᠷ ᠨᠢ ᠮᠡᠷᠭᠡᠨ ᠫᠤᠤᠵᠢ ᠶᠢ ᠰᠠᠭᠤᠯᠭᠠᠵᠤ᠂ ᠴᠠᠭᠠᠳᠠᠢ ᠠᠭᠤᠯᠠᠨ ᠤ ᠳᠠᠪᠬᠤᠷ ᠰᠠᠭᠤᠳᠠᠯ ᠳᠤ ᠰᠠᠶᠢᠨ ᠨᠤᠬᠠᠢ ᠲᠠᠢ ᠬᠠᠰᠢᠷ ᠠᠩᠴᠢᠨ ᠢ ᠰᠠᠭᠤᠳᠠᠯ ᠳᠤ ᠰᠠᠭᠤᠯᠭᠠᠭᠰᠠᠨ ᠤ ᠰᠡᠭᠦᠯᠡᠷ ᠳᠠᠷᠤᠭᠠᠨ ᠳᠤ ᠶᠠᠪᠤᠬᠤ ᠬᠦᠮᠦᠨ ᠠᠮᠢᠳᠠᠨ ᠠᠷᠢᠶᠠᠳᠠᠨ ᠢ ᠠᠶᠤᠯᠭᠠᠨ ᠦᠷᠭᠦᠭᠡᠵᠦ ᠶᠡᠭᠡ ᠳᠠᠭᠤᠨ ᠢᠶᠠᠷ ᠪᠠᠷᠬᠢᠷᠠᠵᠤ ᠰᠠᠭᠤᠳᠠᠯ ᠳᠤ ᠰᠠᠭᠤᠭᠰᠠᠨ ᠬᠦᠮᠦᠨ ᠤ ᠦᠭᠡᠳᠡ ᠠᠩ ᠤᠨ ᠠᠮᠢᠳᠠᠨ ᠢ ᠬᠦᠭᠡᠭᠡᠵᠦ ᠠᠪᠠᠴᠢᠨ᠎ᠠ᠂ ᠠᠭᠤᠯᠠ ᠳᠠᠷᠤᠬᠤ ᠳᠠᠭᠠᠨ ᠠᠩ ᠤᠨ ᠠᠮᠢᠳᠠᠨ ᠢ ᠭᠡᠳᠡᠷᠭᠦ ᠬᠤᠯᠬᠢᠵᠤ ᠪᠤᠴᠠᠬᠤ ᠶᠢ ᠰᠡᠷᠭᠡᠶᠢᠯᠡᠬᠦ ᠶᠢᠨ ᠲᠦᠯᠦᠭᠡ ᠠᠭᠤᠯᠠᠨ ᠤ ᠳᠡᠭᠡᠭᠦᠷ ᠨᠢᠭᠡ ᠪᠦᠯᠦᠭ ᠬᠦᠮᠦᠨ ᠠᠭᠤᠯᠠᠨ ᠤ ᠳᠤᠮᠳᠠ ᠪᠡᠶ᠎ᠡ ᠪᠠᠷ᠂ ᠨᠢᠭᠡ ᠪᠦᠯᠦᠭ ᠬᠦᠮᠦᠨ ᠠᠭᠤᠯᠠᠨ ᠤ ᠬᠤᠷᠮᠤᠢ ᠪᠠᠷ ᠬᠠᠰᠢᠭᠤᠷ ᠲᠤ᠂ ᠨᠢᠭᠡ ᠪᠦᠯᠦᠭ ᠬᠦᠮᠦᠨ ᠳᠠᠷᠤᠭᠠᠨ ᠳᠤ ᠶᠠᠪᠤᠨ᠎ᠠ᠂ ᠳᠠᠷᠤᠭᠠᠨ ᠤ ᠬᠦᠮᠦᠨ ᠨᠢᠭᠡ ᠨᠢᠭᠡᠨ ᠲᠠᠢ ᠪᠠᠨ ᠳᠠᠭᠤ ᠬᠤᠭᠤᠯᠠᠢ ᠠᠪᠴᠠᠯᠳᠤᠭᠤᠯᠤᠨ ᠪᠠᠷᠬᠢᠷᠠᠵᠤ ᠠᠭᠤᠯᠠᠨ ᠤ ᠤᠷᠤᠢ ᠪᠠᠷ ᠶᠠᠪᠤᠬᠤ ᠬᠦᠮᠦᠨ ᠪᠠ ᠳᠤᠤᠷ᠎ᠠ ᠬᠤᠷᠮᠤᠢ ᠪᠠᠷ ᠶᠠᠪᠤᠬᠤ ᠬᠦᠮᠦᠨ ᠨᠢ ᠳᠤᠮᠳᠠᠭᠤᠷ ᠤᠷᠤᠭᠰᠠᠨ ᠬᠦᠮᠦᠨ ᠠᠴᠠ ᠪᠠᠨ ᠪᠠᠭ᠎ᠠ ᠬᠤᠰᠢᠭᠤᠷᠠᠵᠤ ᠤᠭᠤᠳᠠᠯᠠᠨ ᠶᠠᠪᠤᠨ᠎ᠠ᠂ ᠳᠠᠷᠤᠭᠠᠨ ᠤ ᠬᠦᠮᠦᠨ ᠠᠴᠠ ᠦᠷᠭᠦᠵᠦ ᠰᠤᠴᠢᠭᠰᠠᠨ ᠠᠩ ᠭᠦᠷᠦᠭᠡᠰᠦ ᠡᠨᠡ ᠠᠭᠤᠯᠠᠨ ᠠᠴᠠ ᠲᠡᠷᠡ ᠠᠭᠤᠯᠠ ᠵᠦᠭ ᠶᠠᠪᠤᠵᠤ ᠡᠷᠬᠡᠪᠰᠢ ᠰᠠᠭᠤᠳᠠᠯ ᠳᠤ ᠰᠠᠭᠤᠭᠰᠠᠨ ᠫᠤᠤ ᠲᠠᠢ ᠬᠦᠮᠦᠨ ᠤ ᠬᠠᠵᠠᠭᠤ ᠳᠠᠯ᠎ᠠ ᠶᠢᠨ ᠬᠦᠳᠦᠯ ᠲᠤᠮ ᠢᠶᠠᠷ ᠤᠴᠢᠬᠤ ᠶᠤᠰᠤᠳᠠᠢ᠂ ᠡᠨᠡ ᠦᠶ᠎ᠡ ᠳᠤ ᠰᠠᠭᠤᠳᠠᠯ ᠳᠤ ᠰᠠᠭᠤᠭᠰᠠᠨ ᠬᠦᠮᠦᠨ ᠰᠠᠨᠳᠤᠷᠴᠤ ᠠᠩ ᠤᠨ ᠠᠮᠢᠳᠠᠨ ᠤ ᠦᠭᠡᠳᠡ ᠠᠴᠠ ᠫᠤᠤᠳᠠᠵᠤ ᠪᠤᠯᠬᠤ ᠦᠭᠡᠢ᠂ ᠡᠷᠬᠡᠪᠰᠢ ᠳᠡᠷᠢᠭᠦᠨ ᠤ ᠠᠩ  ᠢ ᠪᠡᠶ᠎ᠡ ᠠᠴᠠ ᠪᠠᠨ ᠬᠡᠳᠦᠷᠡᠭᠦᠯᠵᠦ ᠪᠠᠶᠢᠭᠠᠳ ᠰᠠᠶ᠋ᠢ ᠫᠤᠤᠳᠠᠨ᠎ᠠ᠂ ᠢᠩᠭᠢᠭᠡᠳ ᠬᠡᠳᠦᠢ ᠠᠯᠠᠪᠠᠯ ᠠᠯᠠᠵᠠᠢ᠂ ᠦᠯᠡᠳᠡᠭᠰᠡᠨ ᠠᠩ ᠫᠤᠤ ᠶᠢᠨ ᠳᠠᠭᠤᠨ ᠠᠴᠠ ᠰᠤᠴᠢᠵᠤ ᠠᠮᠢ ᠳᠡᠮᠡᠴᠡᠨ ᠬᠦᠶᠦᠵᠦ ᠴᠠᠭᠠᠳᠠᠢ ᠠᠭᠤᠯᠠᠨ ᠤ ᠬᠦᠳᠦᠯ ᠳᠡᠭᠡᠷ᠎ᠡ ᠳᠠᠪᠬᠤᠷ ᠰᠠᠭᠤᠭᠰᠠᠨ ᠰᠠᠭᠤᠳᠠᠯ ᠤᠨ ᠭᠠᠵᠠᠷ ᠬᠦᠷᠬᠦ ᠦᠶ᠎ᠡ ᠳᠤ ᠲᠦᠷᠭᠡᠨ ᠬᠦᠶᠦᠳᠡᠯ ᠨᠢ ᠮᠤᠬᠤᠵᠤ ᠤᠳᠠᠭᠠᠨ ᠬᠦᠶᠦᠵᠦ ᠤᠴᠢᠬᠤ ᠪᠤᠯᠬᠤᠷ ᠴᠠᠭᠠᠨ᠎ᠠ ᠳᠠᠪᠬᠤᠷ ᠰᠠᠭᠤᠳᠠᠯ ᠳᠤ ᠰᠠᠭᠤᠭᠰᠠᠨ ᠰᠠᠶᠢᠨ ᠨᠤᠬᠠᠢ ᠲᠠᠢ ᠠᠩᠴᠢᠨ ᠨᠤᠬᠠᠢ ᠳᠠᠯᠪᠢᠵᠤ ᠰᠢᠷᠬ᠎ᠠ ᠲᠠᠢ ᠠᠩ ᠪᠠ ᠮᠠᠭᠤᠳᠠᠭᠰᠠᠨ ᠠᠩ ᠢ ᠨᠤᠬᠠᠢ ᠪᠠᠷ ᠪᠠᠷᠢᠭᠤᠯᠵᠤ ᠠᠯᠠᠳᠠᠭ ᠪᠠᠶᠢᠨ᠎ᠠ᠃      ᠭᠤᠷᠪᠠ᠂ ᠵᠠᠳᠠᠭᠠᠢ ᠠᠪᠠ      ᠵᠠᠳᠠᠭᠠᠢ ᠠᠪᠠ ᠭᠡᠳᠡᠭ ᠨᠢ ᠭᠤᠤᠯᠳᠠᠭᠤ ᠵᠡᠭᠡᠷ᠎ᠡ᠂ ᠪᠤᠷᠤ ᠭᠦᠷᠦᠭᠡᠰᠦ᠂ ᠳᠠᠤᠯᠠᠢ᠂ ᠭᠤᠷᠭᠤᠤᠯ ᠵᠡᠷᠭᠡ ᠠᠩ ᠢ ᠳᠠᠯ᠎ᠠ ᠵᠤ ᠭᠠᠵᠠᠷ ᠠᠩᠨᠠᠳᠠᠭ ᠠᠪᠠ ᠶᠢ ᠬᠡᠯᠡᠨ᠎ᠡ᠂ ᠦᠩᠭᠡᠷᠡᠭᠰᠡᠨ ᠳᠡᠭᠡᠨ ᠵᠡᠭᠡᠷ᠎ᠡ ᠶᠢᠨ ᠠᠪᠠ᠂ ᠳᠠᠤᠯᠠᠢ ᠶᠢᠨ ᠠᠪᠠ ᠶᠢ ᠠᠪᠠᠯᠠᠬᠤ ᠳᠤ ᠲᠤᠭᠳᠠᠭᠰᠠᠨ ᠡᠳᠦᠷ ᠪᠠᠶᠢᠳᠠᠭ᠃ ᠵᠢᠱᠢᠶᠡᠯᠡᠪᠡᠯ᠂ ᠴᠠᠭᠠᠨ ᠰᠠᠷ᠎ᠠ ᠶᠢᠨ ᠠᠷᠪᠠᠨ ᠵᠢᠷᠭᠤᠭᠠᠨ ᠳᠤ ᠳᠠᠤᠯᠠᠢ ᠶᠢᠨ ᠠᠪᠠ ᠳᠠᠯᠪᠢᠨ᠎ᠠ᠂ ᠳᠠᠪᠤᠨ ᠰᠠᠷ᠎ᠠ ᠶᠢᠨ ᠰᠢᠨ᠎ᠡ ᠶᠢᠨ ᠳᠠᠪᠤᠨ ᠳᠤ ᠵᠡᠭᠡᠷ᠎ᠡ ᠶᠢᠨ ᠠᠪᠠ ᠠᠪᠠᠯᠠᠳᠠᠭ ᠪᠠᠶᠢᠨ᠎ᠠ᠃ ᠡᠨᠡ ᠠᠪᠠ ᠶᠢ ᠬᠢᠬᠦ ᠳᠤ ᠳᠠᠷᠤᠭᠠᠨ ᠤ ᠬᠦᠮᠦᠨ ᠰᠠᠭᠤᠳᠠᠯ ᠤᠨ ᠬᠦᠮᠦᠨ ᠭᠡᠵᠦ ᠲᠤᠬᠢᠷᠠᠭᠤᠯᠳᠠᠭ ᠦᠭᠡᠢ ᠳᠤᠷ᠎ᠠ ᠳᠠᠪᠠ ᠪᠠᠷ ᠢᠶᠠᠨ ᠳᠠᠪᠤ ᠭᠤᠷᠪᠠ ᠪᠠᠷ ᠨᠡᠶᠢᠯᠡᠵᠦ ᠳᠠᠷᠬᠠᠵᠤ ᠠᠩᠨᠠᠳᠠᠭ᠂ ᠠᠩ ᠤᠨ ᠠᠮᠢᠳᠠᠨ ᠪᠤᠰᠪᠠᠯ ᠵᠦᠭ ᠵᠦᠭ ᠠᠴᠠ ᠨᠢ ᠮᠤᠷᠢ ᠳᠤᠪᠳᠤᠯᠭᠠᠵᠤ ᠨᠤᠬᠠᠢ ᠳᠠᠯᠪᠢᠨ ᠪᠢᠯᠠᠭᠤ ᠰᠢᠳᠠᠮ ᠰᠢᠯᠠᠮᠠᠳᠠᠨ ᠤᠷᠤᠵᠤ ᠠᠩ ᠤᠨ ᠠᠮᠢᠳᠠᠨ ᠢ ᠠᠯᠠᠳᠠᠭ᠃ ᠡᠶᠢᠮᠦ ᠠᠪᠠ ᠳᠤ ᠬᠦᠮᠦᠨ ᠠᠷᠪᠢᠨ ᠪᠤᠯᠬᠤᠷ ᠪᠠᠷᠤᠭᠳᠠᠢ ᠳᠤ ᠫᠤᠤ ᠰᠤᠮᠤ ᠬᠠᠷᠪᠤᠳᠠᠭ ᠦᠭᠡᠢ᠂ ᠠᠯᠳᠠᠰᠢ ᠭᠠᠷᠬᠤ ᠠᠴᠠ ᠰᠡᠷᠭᠡᠶᠢᠯᠡᠳᠡᠭ ᠪᠠᠶᠢᠨ᠎ᠠ᠃      ᠲᠦᠷᠪᠡ᠂ ᠠᠪᠠ ᠠᠪᠠᠯᠠᠬᠤ ᠳᠤ ᠲᠤᠭᠳᠠᠭᠰᠠᠨ ᠬᠡᠳᠦᠨ ᠵᠦᠢᠯ ᠤᠨ ᠴᠡᠭᠡᠷ ᠶᠤᠰᠤ ᠪᠠᠶᠢᠳᠠᠭ᠃ ᠠᠯᠢᠪᠠ ᠪᠦᠳᠦᠭᠦᠨ ᠠᠩ ᠢ ᠬᠢᠳᠤᠭᠠᠯᠠᠵᠤ ᠠᠯᠠᠭᠰᠠᠨ ᠪᠠ ᠫᠤᠤᠳᠠᠵᠤ ᠠᠯᠠᠭᠰᠠᠨ ᠬᠦᠮᠦᠨ ᠠᠩ ᠤᠨ ᠠᠷᠠᠰᠤ ᠪᠤᠶᠤ ᠵᠦᠯᠳᠡ  ᠶᠢ ᠠᠪᠳᠠᠭ ᠶᠤᠰᠤ ᠲᠠᠢ᠃ ᠵᠦᠯᠳᠡ ᠭᠡᠳᠡᠭ ᠨᠢ ᠡᠷᠡᠦ᠂ ᠤᠯᠠᠭᠠᠨ ᠬᠤᠭᠤᠯᠠᠢ᠂ ᠠᠭᠤᠰᠬᠢ᠂ ᠵᠢᠷᠦᠬᠡ ᠲᠠᠢ ᠨᠢ ᠦᠷᠬᠦᠯᠵᠢ ᠰᠠᠯᠭᠠᠨ ᠠᠪᠬᠤ ᠶᠢ ᠬᠡᠯᠡᠨ᠎ᠡ᠃ ᠬᠡᠭᠡᠷ᠎ᠡ ᠶᠢᠨ ᠭᠠᠭ᠋ᠠᠢ ᠠᠯᠠᠪᠠᠯ ᠲᠤᠯᠤᠭᠠᠢ ᠶᠢ ᠪᠠᠰᠠ ᠠᠯᠠᠭᠰᠠᠨ ᠬᠦᠮᠦᠨ ᠠᠪᠤᠨ᠎ᠠ᠃ ᠵᠡᠭᠡᠷ᠎ᠡ ᠪᠠ ᠪᠤᠷᠤ ᠭᠦᠷᠦᠭᠡᠰᠦ ᠵᠡᠷᠭᠡ ᠠᠮᠢᠳᠠᠨ ᠢ ᠬᠡᠨ ᠫᠤᠤᠳᠠᠵᠤ ᠠᠯᠠᠭᠰᠠᠨ ᠪᠤᠶᠤ ᠴᠤᠬᠢᠵᠤ ᠠᠯᠠᠭᠰᠠᠨ ᠪᠤᠯ ᠲᠡᠷᠡ ᠬᠦᠮᠦᠨ ᠠᠷᠠᠰᠤ ᠪᠠ ᠵᠦᠯᠳᠡ ᠶᠢ ᠠᠪᠬᠤ ᠶᠤᠰᠤᠳᠠᠢ᠃ ᠵᠡᠭᠡᠷ᠎ᠡ ᠭᠤᠷ᠎ᠠ ᠶᠢ ᠤᠯᠠᠨ ᠠᠪᠠ ᠶᠢᠨ ᠲᠤᠮᠳᠠ ᠨᠤᠬᠠᠢ ᠪᠠᠷᠢᠭᠰᠠᠨ ᠪᠤᠯ᠂ ᠬᠡᠨ ᠬᠦᠮᠦᠨ ᠤᠷᠢᠳᠠᠵᠤ ᠪᠠᠭᠤᠪᠠᠯ ᠲᠡᠷᠡ ᠬᠦᠮᠦᠨ ᠰᠡᠭᠦᠯ ᠢ ᠤᠭᠳᠤᠯᠵᠤ ᠠᠪᠤᠨ᠎ᠠ᠃ ᠰᠡᠭᠦᠯ ᠢ ᠠᠪᠤᠭᠰᠠᠨ ᠬᠦᠮᠦᠨ ᠠᠷᠠᠰᠤ ᠪᠠ ᠤᠭᠤᠴᠠ ᠶᠢ ᠠᠪᠬᠤ ᠶᠤᠰᠤᠳᠠᠢ᠃ ᠦᠨᠡᠭᠡ᠂ ᠴᠢᠨ᠋ᠸ᠎ᠠ᠂ ᠰᠢᠯᠦᠭᠦᠰᠦ ᠵᠡᠷᠭᠡ ᠠᠩ ᠢ ᠬᠡᠨ ᠫᠤᠤᠳᠠᠵᠤ ᠠᠯᠠᠭᠰᠠᠨ ᠪᠤᠶᠤ ᠬᠡᠨ ᠤ ᠨᠤᠬᠠᠢ ᠪᠠᠷᠢᠭᠰᠠᠨ ᠪᠤᠯ ᠲᠡᠷᠡ ᠬᠦᠮᠦᠨ ᠵᠦᠯᠳᠡ ᠶᠢ ᠠᠪᠤᠨ᠎ᠠ᠃ ᠠᠷᠠᠰᠤ ᠶᠢ ᠪᠢᠳᠡᠭᠦᠦ ᠪᠠᠷ ᠦᠪᠴᠢᠵᠦ ᠠᠪᠤᠭᠠᠳ ᠳᠤᠳᠤᠷ᠎ᠠ ᠨᠢ ᠡᠪᠡᠰᠦ ᠴᠢᠬᠢᠵᠦ ᠦᠨᠳᠦᠷ ᠮᠤᠳᠤᠨ  ᠳᠤ ᠳᠡᠭᠦᠵᠢᠯᠡᠵᠦ ᠬᠠᠳᠠᠭᠠᠭᠰᠠᠨ ᠤ ᠰᠡᠭᠦᠯᠡᠷ ᠬᠤᠳᠠᠯᠳᠤᠭᠠᠳ ᠡᠨᠡ ᠤᠳᠠᠭᠠᠨ ᠤ ᠠᠪᠠ ᠳᠤ ᠶᠠᠪᠤᠭᠰᠠᠨ ᠬᠦᠮᠦᠨ ᠪᠦᠬᠦᠨ ᠵᠤᠭᠤᠰ ᠶᠢ ᠬᠤᠪᠢᠶᠠᠨ ᠠᠪᠬᠤ ᠶᠤᠰᠤᠳᠠᠢ᠃ ᠦᠨᠡᠭᠡ ᠴᠢᠨ᠋ᠸ᠎ᠠ ᠶᠢᠨ ᠠᠷᠠᠰᠤ ᠶᠢ ᠦᠪᠴᠢᠬᠦ ᠳᠡᠭᠡᠨ ᠲᠤᠯᠤᠭᠠᠢ ᠰᠢᠭᠢᠷ᠎ᠡ ᠳᠤᠨᠢ ᠦᠰᠦ ᠦᠯᠡᠳᠡᠭᠡᠭᠦ ᠶᠢ ᠴᠡᠭᠡᠷᠯᠡᠨ᠎ᠡ᠂ ᠱᠠᠯᠳᠠᠩ ᠮᠢᠬ᠎ᠠ ᠶᠢ ᠦᠶ᠎ᠡ ᠮᠤᠵᠢ ᠪᠠᠷ ᠰᠠᠯᠭᠠᠵᠤ ᠵᠦᠭ ᠵᠦᠭ ᠲᠤ ᠬᠠᠶᠠᠬᠤ ᠪᠤᠶᠤ ᠴᠡᠭᠡᠵᠢᠨ ᠬᠦᠨᠳᠡᠢ ᠳᠤᠨᠢ ᠴᠢᠯᠠᠭᠤ ᠬᠢᠵᠦ ᠳᠠᠯᠪᠢᠬᠤ ᠴᠡᠭᠡᠷ ᠲᠠᠢ᠂ ᠶᠠᠮᠠᠷᠪᠠ ᠠᠩ  ᠢ ᠤᠨᠳᠠᠭ᠎ᠠ ᠪᠠᠷ ᠠᠯᠠᠬᠤ ᠶᠢ ᠴᠡᠭᠡᠷᠯᠡᠨ᠎ᠡ᠂ ᠵᠠᠪᠠᠯ ᠳᠤᠤᠭᠠᠷᠴᠤ ᠪᠤᠰᠬᠠᠵᠤ ᠪᠠᠶᠢᠭᠠᠳ ᠠᠯᠠᠳᠠᠭ ᠴᠡᠭᠡᠷ ᠲᠠᠢ᠂ ᠳᠠᠤᠯᠠᠢ ᠭᠤᠷᠭᠤᠤᠯ ᠵᠡᠷᠭᠡ ᠵᠢᠵᠢᠭ ᠠᠩ ᠢ ᠬᠡᠨ ᠤ ᠨᠤᠬᠠᠢ ᠪᠠᠷᠢᠭᠰᠠᠨ ᠴᠦ ᠬᠠᠮᠢᠶ᠎ᠠ ᠦᠭᠡᠢ ᠬᠡᠨ ᠬᠦᠮᠦᠨ ᠤᠷᠢᠳᠠᠵᠤ ᠠᠪᠤᠪᠠᠯ ᠲᠡᠷᠡ ᠬᠦᠮᠦᠨ ᠠᠪᠬᠤ ᠶᠤᠰᠤ ᠲᠠᠢ᠃ ᠬᠠᠷᠢᠭᠤ ᠲᠠᠢ ᠠᠩ ᠢ ᠠᠷᠪᠢᠨ ᠠᠯᠠᠵᠤ ᠪᠤᠯᠬᠤ ᠦᠭᠡᠢ᠂ ᠮᠠᠭᠤ ᠢᠷᠸ᠎ᠠ ᠪᠤᠯᠤᠨ᠎ᠠ ᠭᠡᠵᠦ ᠴᠡᠭᠡᠷᠯᠡᠳᠡᠭ᠃ ᠡᠭᠦᠨ ᠳᠤ ᠦᠨᠡᠭᠡ᠂ ᠵᠡᠷᠡᠭᠡ᠂ ᠪᠤᠭᠤ ᠵᠡᠷᠭᠡ ᠠᠮᠢᠳᠠᠨ ᠢ ᠬᠠᠷᠢᠭᠤ  ᠲᠠᠢ ᠠᠪᠠ ᠭᠡᠵᠦ ᠬᠡᠯᠡᠳᠡᠭ᠂ ᠲᠤᠬᠤᠮ ᠤᠨ ᠬᠦᠯᠦᠰᠦ ᠲᠠᠢ ᠬᠦᠷᠦᠭᠡᠰᠦ ᠶᠢ ᠠᠯᠠᠵᠤ ᠪᠤᠯᠬᠤ ᠦᠭᠡᠢ ᠴᠡᠭᠡᠷ ᠶᠤᠰᠤ  ᠲᠠᠢ᠂ ᠡᠶᠢᠮᠦ ᠬᠦᠷᠦᠭᠡᠰᠦ ᠶᠢ ᠡᠵᠡᠳ ᠰᠠᠬᠢᠭᠤᠯᠰᠤᠨ ᠤ ᠤᠨᠤᠭ᠎ᠠ ᠬᠦᠯᠦᠭ ᠭᠡᠵᠦ ᠬᠡᠯᠡᠳᠡᠭ᠃             ᠡᠪᠴᠢᠭᠦᠴᠢᠨ᠂ ᠳᠣᠨᠤᠷᠤᠪ ᠤᠨ ᠨᠠᠶᠢᠷᠠᠭᠤᠯᠣᠨ ᠵᠣᠬᠢᠶᠠᠭᠰᠠᠨ ︽ᠠᠷᠤ ᠬᠤᠷᠴᠢᠨ ᠨᠤᠲᠤᠭ ᠤᠨ ᠤᠯᠠᠮᠵᠢᠯᠠᠯᠲᠤ ᠰᠤᠶᠤᠯ︾ ᠭᠡᠬᠦ ᠨᠣᠮ ᠠᠴᠠ ᠰᠣᠩᠭᠤᠪᠠ  
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号