ᠠᠷᠤ ᠬᠤᠷᠴᠢᠨ ᠬᠤᠰᠢᠭᠤᠨ ᠤ ︽ᠬᠤᠨᠳᠤ ᠶᠢᠨ ᠪᠤᠭᠳᠠ ᠠᠭᠤᠯᠠ ᠶᠢᠨ ᠬᠠᠪᠤᠳᠤ ᠬᠠᠰᠠᠷ | ᠤᠨ ᠲᠠᠬᠢᠯᠭ᠎ᠠ ᠶᠢᠨ ᠤᠪᠤᠭ᠎ᠠ︾ ᠵᠢᠴᠢ ᠲᠠᠬᠢᠯᠭ᠎ᠠ ᠶᠢᠨ ᠵᠠᠩ ᠦᠢᠯᠡ ᠶᠢᠨ ᠲᠤᠬᠠᠢ | | ᠡᠪᠴᠢᠭᠦᠴᠢᠨ᠂ ᠵᠠᠮᠢᠶᠠᠨᠯᠤᠷᠤᠢ | | | | ᠠᠭᠤᠯᠭ᠎ᠠ ᠶᠢᠨ ᠲᠤᠪᠴᠢ᠄ ᠲᠤᠰ ᠦᠭᠦᠯᠡᠯ ᠳᠤ᠄ ᠠᠷᠤ ᠬᠤᠷᠴᠢᠨᠴᠤᠳ ᠤᠳᠤ ᠶᠢᠨ ᠨᠤᠲᠤᠭ ᠲᠤ ᠨᠡᠭᠦᠵᠤ | ᠢᠷᠡᠭᠰᠡᠨ ᠤ ᠲᠠᠷᠠᠭ᠎ᠠ᠂ ᠬᠤᠰᠢᠭᠤ ᠨᠤᠲᠤᠭ ᠤᠨ ᠠᠷᠤ ᠲᠦᠰᠢᠯᠭᠡ ᠪᠤᠯᠤᠭᠰᠠᠨ ᠭᠦᠯᠢᠭᠡᠷ ᠬᠠᠨ ᠠᠭᠤᠯᠠ᠂ | ᠪᠠᠶᠠᠨᠵᠢᠷᠦᠭᠡ ᠬᠠᠨ ᠠᠭᠤᠯᠠ᠂ ᠶᠡᠭᠡ ᠬᠠᠶᠢᠷᠬᠠᠨ ᠬᠠᠨ ᠠᠭᠤᠯᠠ ︵ᠭᠤᠭᠤᠰᠤᠳᠠᠢ ᠬᠠᠨ ᠠᠭᠤᠯᠠ︶ ᠵᠡᠷᠭᠡ ᠭᠤᠷᠪᠠᠨ | ᠶᠡᠭᠡ ᠬᠠᠨ ᠠᠭᠤᠯᠠ ᠶᠢ ᠭᠤᠷᠪᠠᠨ ᠶᠡᠭᠡ ᠰᠦᠯᠳᠡ ᠲᠡᠭᠷᠢ ᠬᠡᠮᠡᠨ ᠰᠢᠳᠦᠨ ᠲᠠᠬᠢᠵᠤ ᠪᠠᠶᠢᠭᠰᠠᠨ ᠪᠠ 1745 ᠤᠨ ᠤ | ᠦᠶ᠎ᠡ ᠪᠠᠷ ᠠᠷᠤ ᠬᠤᠷᠴᠢᠨ ᠬᠤᠰᠢᠭᠤᠨ ᠤ ᠬᠤᠨᠳᠤ ᠶᠢᠨ ᠪᠤᠭᠳᠠ ᠠᠭᠤᠯᠠ ᠶᠢᠨ ᠡᠩᠭᠡᠷ ᠲᠤᠬᠤᠮᠳᠠᠢ ᠶᠢᠨ ᠭᠤᠤᠯ | ᠤᠨ ᠲᠡᠨᠵᠢᠨ ᠳᠤ ᠬᠤᠰᠢᠭᠤᠨ ᠤ ᠸᠠᠩ ᠤᠨ ᠤᠷᠳᠤᠨ ᠢᠶᠠᠨ ᠪᠠᠶᠢᠭᠤᠯᠬᠤ ᠦᠶ᠎ᠡ ᠪᠠᠷ ᠪᠤᠭᠳᠠ ᠠᠭᠤᠯᠠ ᠶᠢᠨ ᠤᠷᠤᠢ | ᠲᠡᠭᠡᠷ᠎ᠡ ᠤᠪᠤᠭ᠎ᠠ ᠪᠤᠰᠬᠠᠨ ᠲᠠᠶᠢᠯ ᠪᠤᠭᠳᠠ ᠬᠠᠪᠤᠳᠤ ᠬᠠᠰᠠᠷ ᠢ ᠬᠦᠷᠦᠭᠯᠡᠨ ᠲᠠᠬᠢᠵᠤ ︽ᠬᠤᠨᠳᠤ ᠶᠢᠨ ᠪᠤᠭᠳᠠ | ᠠᠭᠤᠯᠠ ᠶᠢᠨ ᠬᠠᠪᠤᠳᠤ ᠬᠠᠰᠠᠷ ᠤᠨ ᠲᠠᠬᠢᠯᠭ᠎ᠠ ᠶᠢᠨ ᠤᠪᠤᠭ᠎ᠠ︾ ᠭᠡᠵᠤ ᠨᠡᠷᠡᠶᠢᠳᠦᠭᠰᠡᠨ᠂ ᠵᠢᠴᠢ ᠲᠠᠬᠢᠯᠭ᠎ᠠ ᠶᠢᠨ | ᠵᠠᠩ ᠦᠢᠯᠡ᠂ ᠴᠡᠭᠡᠷ ᠶᠤᠰᠤ ᠶᠢ ᠲᠤᠪᠴᠢᠯᠠᠨ ᠦᠭᠦᠯᠡᠭᠰᠡᠨ ᠪᠠᠶᠢᠨ᠎ᠠ᠃ | ᠵᠠᠩᠭᠢᠯᠠᠭ᠎ᠠ ᠶᠢᠨ ᠦᠬᠡ᠄ ᠠᠷᠤ ᠬᠤᠷᠴᠢᠨ ᠬᠤᠰᠢᠭᠤᠨ ᠤ ︽ᠬᠤᠨᠳᠤ ᠶᠢᠨ ᠪᠤᠭᠳᠠ ᠠᠭᠤᠯᠠ ᠶᠢᠨ ᠬᠠᠪᠤᠳᠤ | ᠬᠠᠰᠠᠷ ᠤᠨ ᠲᠠᠬᠢᠯᠭ᠎ᠠ ᠶᠢᠨ ᠤᠪᠤᠭ᠎ᠠ︾᠂ ᠲᠠᠬᠢᠯᠭ᠎ᠠ ᠶᠢᠨ ᠵᠠᠩ ᠦᠢᠯᠡ᠂ ᠴᠡᠭᠡᠷ ᠶᠤᠰᠤᠨ᠂ ᠠᠴᠢ ᠬᠤᠯᠪᠤᠭᠳᠠᠯ | | ᠤᠪᠤᠭᠠᠨ ᠲᠠᠬᠢᠯᠭ᠎ᠠ ᠪᠤᠯ ᠮᠤᠩᠭᠤᠯᠴᠤᠳ ᠠᠭᠤᠯᠠ ᠶᠢᠨ ᠤᠷᠤᠢ᠂ ᠲᠠᠯ᠎ᠠ ᠶᠢᠨ ᠲᠤᠮᠳᠠ᠂ ᠬᠠᠪᠴᠢᠯ ᠤᠨ | ᠠᠮᠠ᠂ ᠲᠠᠪᠠᠭ᠎ᠠ ᠬᠦᠳᠦᠯ ᠁ ᠵᠡᠷᠭᠡ ᠭᠠᠵᠠᠷ ᠲᠤ ᠴᠢᠯᠠᠭᠤ᠂ ᠰᠢᠷᠤᠢ᠂ ᠮᠤᠳᠤ᠂ ᠪᠤᠷᠭᠠᠰᠤ ᠪᠠᠷ ᠴᠤᠭᠴᠠᠯᠠᠨ | ᠪᠤᠰᠬᠠᠭᠰᠠᠨ ᠤᠪᠤᠭᠠᠨ ᠳᠤ ᠪᠠᠨ ᠲᠠᠭᠢᠯ ᠡᠷᠭᠦᠵᠤ᠂ ᠲᠡᠭᠷᠢ᠂ ᠭᠠᠵᠠᠷ᠂ ᠯᠤᠤᠰ᠂ ᠠᠭᠤᠯᠠ ᠤᠰᠤᠨ ᠤ ᠨᠠᠪᠳᠠᠭ | ᠰᠠᠪᠳᠠᠭ᠂ ᠵᠢᠴᠢ ᠡᠪᠦᠭᠡ ᠲᠡᠭᠡᠳᠤᠰ ᠢᠶᠠᠨ ᠰᠢᠳᠤᠨ ᠲᠠᠬᠢᠳᠠᠭ ᠡᠷᠳᠡ ᠤᠷᠢᠳᠤ ᠠᠴᠠ ᠪᠠᠨ ᠤᠯᠠᠮᠵᠢᠯᠠᠨ ᠢᠷᠡᠭᠰᠡᠨ | ᠲᠠᠬᠢᠯᠭ᠎ᠠ ᠰᠢᠳᠦᠯᠭᠡ ᠶᠢᠨ ᠵᠠᠩ ᠦᠢᠯᠡ ᠪᠤᠯᠬᠤ ᠶᠤᠮ᠃ ᠲᠡᠭᠷᠢ᠂ ᠭᠠᠵᠠᠷ᠂ ᠯᠤᠤᠰ ᠬᠡᠮᠡᠭᠴᠢ᠂ ᠲᠡᠭᠷᠢ ᠨᠢ ᠠᠭᠠᠷ | ᠮᠠᠨᠳᠠᠯ ᠤᠨ ᠤᠷᠤᠨ᠂ ᠭᠠᠵᠠᠷ ᠨᠢ ᠭᠦᠷᠦᠰᠦ ᠰᠢᠷᠦᠢ ᠶᠢᠨ ᠤᠷᠤᠨ᠂ ᠯᠤᠤᠰ ᠨᠢ ᠤᠰᠤᠨ ᠤᠷᠤᠨ ᠪᠤᠯᠬᠤ ᠲᠤᠯᠠ | ᠶᠢᠷᠲᠢᠨᠴᠤ ᠶᠢᠨ ᠠᠯᠢᠪᠠ ᠠᠮᠢᠳᠤ ᠪᠤᠳᠠᠰ᠂ ᠠᠮᠢᠳᠠᠨ ᠤᠷᠭᠤᠮᠠᠯ ᠨᠢ ᠠᠭᠠᠷ᠂ ᠬᠦᠷᠦᠰᠦ᠂ ᠤᠰᠤ ᠠᠴᠠ ᠰᠠᠯᠵᠤ | ᠪᠤᠯᠳᠠᠭ ᠦᠭᠡᠢ ᠤᠴᠢᠷ ᠠᠴᠠ ᠡᠭᠦᠨ ᠢ ᠪᠠᠨ ᠬᠠᠶᠢᠷᠠᠯᠠᠨ ᠬᠠᠮᠠᠭᠠᠯᠠᠵᠤ ᠰᠢᠳᠦᠨ ᠲᠠᠭᠢᠳᠠᠭ ᠤᠨ ᠤᠴᠢᠷ ᠡᠨᠡ ᠪᠤᠶᠤ᠃ | | ᠤᠪᠤᠭᠠᠨ ᠲᠠᠬᠢᠯᠭ᠎ᠠ ᠨᠢ ᠮᠤᠩᠭᠤᠯᠴᠤᠳ ᠤᠨ ᠲᠡᠭᠷᠢ ᠭᠠᠵᠠᠷ ᠡᠬᠡ ᠪᠠᠶᠢᠭᠠᠯᠢ ᠪᠠᠨ ᠰᠢᠳᠦᠨ ᠲᠡᠭᠡᠳᠦᠯᠡᠬᠦ᠂ | ᠨᠤᠲᠤᠭ ᠤᠰᠤ ᠪᠠᠨ ᠬᠠᠶᠢᠷᠠᠯᠠᠨ ᠬᠠᠮᠠᠭᠠᠯᠠᠬᠤ᠂ ᠴᠠᠭ ᠠᠭᠠᠷ ᠤᠨ ᠰᠠᠶᠢᠨ ᠰᠠᠶᠢᠬᠠᠨ᠂ ᠠᠵᠤ ᠠᠮᠢᠳᠤᠷᠠᠯ ᠤᠨ | ᠦᠭᠡᠳᠡ ᠡᠰᠡᠷᠡᠭ ᠢ ᠬᠦᠰᠡᠨ ᠡᠷᠡᠮᠡᠯᠵᠡᠯᠡᠬᠦ ᠰᠤᠶᠤᠯ ᠰᠡᠳᠬᠢᠭᠦᠢ ᠶᠢᠨ ᠢᠯᠡᠷᠡᠯ ᠲᠤᠨᠤᠳᠠᠰᠤ ᠪᠤᠯᠤᠨ ᠦᠨᠢ ᠤᠳᠠᠭᠠᠨ | ᠤ ᠲᠡᠤᠬᠡᠨ ᠶᠠᠪᠤᠴᠠ ᠳᠤ ᠤᠯᠠᠮ ᠠᠴᠠ ᠤᠯᠠᠮ ᠲᠡᠭᠦᠯᠳᠡᠷᠵᠢᠨ ᠬᠦᠭᠵᠢᠭᠡᠳ ᠤᠯᠠᠨ ᠵᠦᠢᠯ ᠤᠨ ᠲᠦᠷᠦᠯ ᠬᠡᠯᠪᠡᠷᠢ | ᠲᠠᠢ᠂ ᠤᠷᠤᠨ ᠨᠤᠲᠤᠭ ᠤᠨ ᠰᠢᠨᠵᠢ᠂ ᠠᠶᠢᠮᠠᠭ ᠤᠭᠰᠠᠭ᠎ᠠ ᠶᠢᠨ ᠰᠢᠨᠵᠢ᠂ ᠤᠯᠤᠰ ᠲᠦᠷᠦ᠂ ᠴᠡᠷᠢᠭ ᠲᠠᠶᠢᠨ ᠤ | ᠰᠢᠨᠵᠢ᠂ ᠲᠡᠤᠬᠡ ᠲᠤᠷᠠᠰᠬᠠᠯ ᠤᠨ ᠰᠢᠨᠵᠢ ᠵᠡᠷᠭᠡ ᠤᠯᠠᠨ ᠲᠦᠷᠦᠯ ᠤᠨ ᠰᠢᠨᠵᠢ ᠪᠦᠬᠦᠢ ᠲᠠᠬᠢᠯᠭ᠎ᠠ ᠶᠢᠨ ᠦᠢᠯᠡ ᠪᠤᠢ | ᠪᠤᠯᠤᠭᠰᠠᠨ ᠪᠠᠶᠢᠭ᠎ᠠ ᠶᠤᠮ᠃ | ᠡᠶᠢᠮᠤ ᠠᠴᠠ ᠮᠤᠩᠭᠤᠯ ᠤᠷᠤᠨ ᠳᠤ ᠲᠠᠬᠢᠯᠭᠠᠳᠤ ᠠᠭᠤᠯᠠ᠂ ᠲᠠᠷᠬᠠᠨ ᠠᠭᠤᠯᠠ᠂ ᠬᠠᠨ ᠠᠭᠤᠯᠠ᠂ ᠪᠤᠭᠳᠠ | ᠠᠭᠤᠯᠠ ᠬᠡᠭᠦ ᠮᠡᠳᠤ ᠶᠢᠨ ᠲᠠᠷᠬᠠᠨ ᠴᠠᠭᠠᠵᠠᠳᠤ ᠠᠭᠤᠯᠠ ᠤᠰᠤ ᠤᠯᠠᠨ ᠪᠠᠶᠢᠳᠠᠭ ᠨᠢ ᠭᠠᠶᠢᠬᠠᠯᠳᠠᠢ ᠰᠠᠶᠢᠬᠠᠨ | ᠰᠤᠶᠤᠯ ᠶᠤᠮ᠃ ᠮᠤᠩᠭᠤᠯ ᠤᠨ ᠨᠢᠭᠤᠴᠠ ᠲᠤᠪᠴᠢᠶᠠᠨ ᠳᠤ᠄ ᠲᠡᠮᠤᠵᠢᠨ ᠡᠵᠡᠨ ᠪᠤᠷᠬᠠᠨ ᠬᠠᠯᠳᠤᠨ ᠳᠤ | ᠰᠦᠰᠦᠭᠯᠡᠬᠦ ᠳᠤ ᠪᠠᠨ ︽ᠪᠦᠰᠡ ᠪᠠᠨ ᠬᠦᠵᠦᠬᠦᠨ ᠳᠤ ᠪᠠᠨ ᠡᠭᠡᠯᠳᠤᠷᠭᠡᠯᠡᠵᠤ᠂ ᠮᠠᠯᠠᠭᠠᠢ ᠪᠠᠨ ᠭᠠᠷ ᠲᠤ ᠪᠠᠨ | ᠰᠡᠭᠡᠯᠳᠦᠷᠭᠡᠯᠡᠵᠤ᠂ ᠭᠠᠷ ᠢᠶᠠᠷ ᠢᠶᠠᠨ ᠡᠪᠴᠢᠭᠦᠤ ᠪᠠᠨ ᠲᠠᠷᠤᠨ ᠨᠠᠷᠠ ᠦᠭᠡᠳᠡ ᠬᠠᠨᠳᠤᠨ ᠰᠦᠭᠦᠳᠴᠤ᠂ ᠶᠢᠰᠦᠨᠳᠡ | ᠮᠦᠷᠭᠦᠵᠤ ᠰᠡᠷᠵᠢᠮ ᠡᠷᠭᠦᠨ ᠵᠠᠯᠪᠠᠷᠢᠵᠤ︾᠂ ︽ᠪᠤᠷᠬᠠᠨ ᠬᠠᠯᠳᠤᠨ ᠠᠭᠤᠯᠠ ᠶᠢ ᠦᠷᠯᠦᠭᠡ ᠪᠦᠷᠢ ᠮᠢᠯᠢᠶᠠᠰᠤᠭᠠᠢ᠂ | ᠡᠳᠤᠷ ᠪᠦᠷᠢ ᠦᠴᠢᠶᠡ᠂ ᠦᠶ᠎ᠡ ᠶᠢᠨ ᠦᠶ᠎ᠡ ᠳᠤ ᠪᠠᠨ ᠦᠨᠢᠳᠡ ᠲᠠᠬᠢᠰᠤᠭᠠᠢ︾ ᠭᠡᠵᠤ ᠲᠡᠮᠳᠡᠭᠯᠡᠵᠤ ᠪᠠᠶᠢᠳᠠᠭ ᠶᠤᠮ | ᠃ | ᠡᠨᠡ ᠬᠦ ᠮᠦᠴᠢᠳ ᠦᠭᠦᠯᠡᠯ ᠳᠤ ᠤᠪᠤᠭᠠᠨ ᠲᠠᠬᠢᠯᠭ᠎ᠠ ᠳᠤ ᠬᠤᠯᠪᠤᠭᠳᠠᠬᠤ ᠡᠳᠡᠭᠡᠷ ᠤᠯᠠᠨ ᠠᠰᠠᠭᠤᠳᠠᠯ ᠢ | ᠶᠠᠷᠢᠬᠤ ᠦᠭᠡᠢ᠂ ᠵᠦᠪᠬᠡᠨ ᠠᠷᠤ ᠬᠤᠷᠴᠢᠨ ᠬᠤᠰᠢᠭᠤᠨ ᠤ ᠬᠤᠨᠳᠤ ᠶᠢᠨ ︽ᠪᠤᠭᠳᠠ ᠠᠭᠤᠯᠠ ᠶᠢᠨ ᠬᠠᠪᠤᠳᠤ | ᠬᠠᠰᠠᠷ ᠤᠨ ᠲᠠᠬᠢᠯᠭ᠎ᠠ ᠶᠢᠨ ᠤᠪᠤᠭ᠎ᠠ︾ ᠶᠢᠨ ᠲᠤᠬᠠᠢ ᠲᠤᠪᠴᠢ ᠲᠠᠨᠢᠯᠴᠠᠭᠤᠯᠬᠤ ᠶᠢ ᠵᠤᠷᠢᠪᠠ᠃ | ᠨᠢᠭᠡ᠂ ᠠᠷᠤ ᠬᠤᠷᠴᠢᠨ ᠬᠤᠰᠢᠭᠤᠨ ᠤ ᠬᠠᠪᠤᠳᠤ ᠬᠠᠰᠠᠷ ᠤᠨ ᠲᠠᠭᠢᠯᠭ᠎ᠠ ᠶᠢᠨ ᠤᠴᠢᠷ | ᠠᠷᠤ ᠬᠤᠷᠴᠢᠨ ᠠᠶᠢᠮᠠᠭ ᠪᠤᠶᠤ ᠠᠷᠤ ᠬᠤᠷᠴᠢᠨ ᠬᠤᠰᠢᠭᠤ ᠪᠤᠯ ᠴᠢᠩᠭᠢᠰ ᠬᠠᠭᠠᠨ ᠤ ᠲᠦᠷᠦᠭᠰᠡᠨ ᠲᠡᠭᠦᠤ | ᠬᠠᠪᠤᠳᠤ ᠬᠠᠰᠠᠷ ᠤᠨ ᠬᠠᠷᠢᠶᠠᠳᠤ ᠠᠶᠢᠮᠠᠭ ᠪᠦᠭᠡᠳ ᠶᠡᠭᠡ ᠮᠤᠩᠭᠤᠯ ᠤᠯᠤᠰ ᠠᠴᠠ ᠴᠢᠩ ᠤᠯᠤᠰ ᠤᠨ ᠦᠶ᠎ᠡ | ᠲᠡᠭᠦᠰᠳᠡᠯ᠎ᠡ ᠨᠤᠶᠠᠳ ᠤᠨ ᠤᠭ ᠨᠢ ᠬᠠᠪᠤᠳᠤ ᠬᠠᠰᠠᠷ ᠤᠨ ᠦᠷᠡᠳᠤᠰ ᠪᠤᠯᠤᠨ᠎ᠠ᠃ ᠮᠤᠩᠭᠤᠯ ᠦᠨᠳᠤᠰᠤᠳᠡᠨ ᠤ | ᠪᠦᠷᠢᠯᠳᠤᠨ ᠮᠠᠨᠳᠤᠭᠰᠠᠨ ᠡᠬᠡ ᠨᠤᠲᠤᠭ ᠬᠦᠯᠤᠨ ᠪᠤᠶᠢᠷ ᠤᠨ ᠭᠠᠵᠠᠷ ᠪᠠᠶᠢᠭᠰᠠᠨ ᠡᠨᠡ ᠬᠦ ᠬᠤᠷᠴᠢᠨ ᠠᠶᠢᠮᠠᠭ ᠤᠨ | ᠨᠢᠭᠡ ᠰᠠᠯᠠᠭ᠎ᠠ ᠨᠢ ᠬᠡᠳᠤᠨᠳᠡ ᠶᠡᠭᠡ ᠪᠠᠷ ᠨᠡᠭᠦᠳᠡᠯᠯᠡᠭᠰᠡᠨ ᠪᠤᠯᠪᠠᠴᠤ ᠡᠴᠢᠭᠡ ᠲᠡᠭᠷᠢ ᠡᠬᠡ ᠪᠠᠶᠢᠭᠠᠯᠢ᠂ ᠵᠢᠴᠢ ᠡᠪᠦᠭᠡ | ᠲᠡᠭᠡᠳᠤᠰ ᠢᠶᠠᠨ ᠰᠢᠳᠦᠨ ᠲᠡᠭᠡᠳᠦᠯᠡᠳᠡᠭ ᠦᠪᠡᠷ ᠤᠨ ᠤᠨᠴᠠᠯᠢᠭ ᠲᠠᠢ ᠵᠠᠩ ᠦᠢᠯᠡ ᠪᠠᠨ ᠤᠯᠠᠮᠵᠢᠯᠠᠨ | ᠬᠠᠳᠠᠭᠠᠯᠠᠭᠰᠠᠭᠠᠷ ᠢᠷᠡᠵᠡᠢ᠃ ᠡᠭᠦᠨ ᠤ ᠨᠢᠭᠡ ᠨᠢ ᠲᠠᠷᠤᠢ ᠠᠭᠤᠯᠠ ᠤᠪᠤᠭ᠎ᠠ ᠶᠢᠨ ᠲᠠᠬᠢᠯᠭ᠎ᠠ ᠪᠤᠯᠤᠨ᠎ᠠ᠃ | ᠠᠷᠤ ᠬᠤᠷᠴᠢᠨ ᠬᠤᠰᠢᠭᠤ ᠨᠢ ᠠᠷᠪᠠᠨ ᠲᠤᠯᠤᠳᠤᠭᠠᠷ ᠵᠠᠭᠤᠨ ᠤ ᠭᠤᠴᠢ ᠠᠴᠠ ᠲᠦᠴᠢᠭᠡᠳ ᠤᠨ ᠤ ᠦᠶ᠎ᠡ | ︵ᠪᠤᠳᠠᠳᠠᠢ ᠤᠨ ᠵᠢᠯ ᠨᠢ ᠤᠳᠤ ᠪᠤᠯᠳᠠᠯ᠎ᠠ ᠮᠠᠷᠭᠤᠭᠠᠨ ᠲᠠᠢ ᠪᠠᠶᠢᠨ᠎ᠠ︶ ᠪᠠᠷ ᠤᠳᠤ ᠶᠢᠨ ᠡᠨᠡ ᠨᠤᠲᠤᠭ ᠲᠤ | ᠨᠡᠭᠦᠳᠡᠯᠯᠡᠨ ᠢᠷᠡᠵᠤ ᠤᠷᠤᠰᠢᠨ ᠲᠤᠭᠳᠠᠨᠢᠭᠰᠠᠨ ᠤ ᠲᠠᠷᠠᠭ᠎ᠠ ᠲᠤᠰ ᠬᠤᠰᠢᠭᠤᠨ ᠤ ᠲᠡᠭᠡᠷ᠎ᠡ ᠲᠤᠮᠳᠠ ᠪᠡᠶ᠎ᠡ ᠪᠠᠷ | ᠪᠠᠶᠢᠭ᠎ᠠ ᠦᠨᠳᠤᠷ ᠰᠦᠷᠯᠢᠭ ᠠᠭᠤᠯᠠ ᠬᠠᠶᠢᠷᠬᠠᠨ ᠢ ᠬᠠᠨ ᠠᠭᠤᠯᠠ ﹇1﹈ ᠬᠡᠮᠡᠨ ᠰᠢᠳᠤᠨ ᠲᠠᠬᠢᠵᠤ ᠪᠠᠶᠢᠵᠠᠢ᠃ | ᠲᠤᠬᠠᠶᠢᠯᠠᠪᠠᠯ ᠬᠤᠰᠢᠭᠤᠨ ᠤ ᠠᠷᠤ ᠪᠡᠶ᠎ᠡ ᠪᠠᠷ ᠪᠠᠶᠢᠭ᠎ᠠ ᠠᠯᠳᠠᠨ ᠬᠢᠩᠭᠠᠨ ᠤ ᠦᠷᠬᠦᠯᠵᠢᠯᠡᠭᠰᠡᠨ ᠠᠭᠤᠯᠠ ᠨᠢᠷᠤᠭᠤᠳ | ᠪᠤᠯᠬᠤ ᠶᠡᠭᠡ ᠬᠠᠨ ᠬᠠᠶᠢᠷᠬᠠᠨ ᠠᠭᠤᠯᠠ ︵ᠭᠤᠭᠤᠰᠤᠳᠠᠢ︶᠂ ᠬᠦᠯᠢᠭᠡᠷ ᠬᠠᠨ ᠠᠭᠤᠯᠠ᠂ ᠪᠠᠶᠠᠨ ᠵᠢᠷᠦᠬᠡ ᠬᠠᠨ | ᠠᠭᠤᠯᠠ ᠵᠡᠷᠭᠡ ᠭᠤᠷᠪᠠᠨ ᠬᠠᠨ ᠠᠭᠤᠯᠠ ᠶᠢ ᠬᠤᠰᠢᠭᠤ ᠨᠤᠲᠤᠭ ᠤᠨ ᠠᠷᠤ ᠲᠠᠯ᠎ᠠ ᠶᠢᠨ ᠬᠠᠯᠬᠠᠪᠴᠢ ᠪᠤᠯᠤᠭᠰᠠᠨ | ᠭᠤᠷᠪᠠᠨ ᠶᠡᠭᠡ ᠰᠦᠯᠳᠡ ᠲᠡᠭᠷᠢ ᠬᠡᠮᠡᠨ ᠰᠢᠳᠤᠨ ᠲᠠᠬᠢᠵᠤ ᠬᠠᠶᠢᠷᠠᠯᠠᠨ ᠬᠠᠮᠠᠭᠠᠯᠠᠵᠤ ᠢᠷᠡᠭᠰᠡᠨ ᠶᠤᠮ᠃ ᠠᠷᠤ | ᠬᠤᠷᠴᠢᠨ ᠤ ᠵᠠᠰᠠᠭ ᠳ᠋ᠠᠭᠳᠠᠨ ᠪᠡᠶᠢᠯᠡ ᠶᠢᠨ ᠦᠶ᠎ᠡ ᠳᠤ ᠠᠷᠤ ᠬᠤᠷᠴᠢᠨ ᠵᠠᠰᠠᠭ ᠵᠡᠭᠦᠨ ᠭᠠᠷ ᠲᠠᠶᠢᠵᠢ ᠠᠴᠠ | ᠪᠠᠷᠠᠭᠤᠨ ᠭᠠᠷ ᠲᠠᠶᠢᠵᠢ ᠳᠤ ᠰᠢᠯᠵᠢᠪᠡ᠃ ᠨᠠᠶᠢᠷᠠᠯᠳᠤ ᠲᠦᠪ ᠤᠨ ᠠᠷᠪᠠᠨ ᠭᠤᠷᠪᠠᠳᠤᠭᠠᠷ ᠤᠨ ︵1735︶ ᠳᠤ | ᠳ᠋ᠠᠭᠳᠠᠨ ᠪᠡᠶᠢᠯᠡ ᠬᠤᠰᠢᠭᠤ ᠵᠠᠰᠠᠭ ᠤᠨ ᠲᠠᠬᠢᠯᠭ᠎ᠠ ᠲᠠᠢ ᠤᠪᠤᠭ᠎ᠠ ᠶᠢ ᠬᠦᠯᠢᠭᠡᠷ ᠬᠠᠨ ᠠᠭᠤᠯᠠᠨ ᠠᠴᠠ ᠶᠡᠭᠡ ᠬᠠᠨ | ᠬᠠᠶᠢᠷᠬᠠᠨ ᠳᠤ ᠰᠢᠯᠵᠢᠭᠦᠯᠵᠤ ᠲᠠᠭᠢᠵᠠᠢ᠂ ᠶᠡᠭᠡ ᠬᠠᠨ ᠬᠠᠶᠢᠷᠬᠠᠨ ᠤ ᠲᠠᠬᠢᠯᠭ᠎ᠠ ᠶᠢ ᠠᠷᠤ ᠬᠤᠷᠴᠢᠨ ᠤ ᠬᠡᠳᠤᠨ | ᠦᠶ᠎ᠡ ᠶᠢᠨ ᠵᠠᠰᠠᠭ ᠸᠠᠩ ᠨᠤᠶᠠᠨ ᠡᠷᠬᠢᠯᠡᠨ᠂ ᠵᠢᠯ ᠪᠦᠷᠢ ᠶᠢᠨ ᠪᠢᠯᠢᠭ ᠤᠨ ᠵᠢᠷᠭᠤᠭᠠᠨ ᠰᠠᠷ᠎ᠠ ᠳᠤ ᠶᠡᠭᠡ ᠲᠠᠬᠢᠯᠭ᠎ᠠ | ᠬᠢᠵᠤ᠂ ᠸᠠᠩ ᠨᠤᠶᠠᠨ᠂ ᠬᠤᠶᠠᠷ ᠭᠠᠷ ᠤᠨ ᠮᠡᠶᠢᠷᠡᠨ᠂ ᠲᠤᠰᠠᠯᠠᠭᠴᠢ᠂ ᠵᠠᠯᠠᠨ᠂ ᠵᠠᠩᠭᠢ ᠨᠠᠷ ᠪᠦᠷ ᠤᠷᠤᠯᠴᠠᠨ᠎ᠠ᠃ | ᠪᠦᠭᠦᠳᠡᠭᠡᠷ ᠬᠠᠭᠠᠨ ᠰᠦᠮ᠎ᠡ ᠲᠡᠭᠡᠷ᠎ᠡ ᠴᠤᠭᠯᠠᠷᠠᠨ ᠪᠠᠷᠠᠭᠤᠨ ᠭᠡᠭᠡᠨ᠂ ᠶᠤᠩᠼᠦ᠋ᠩ ᠭᠡᠭᠡᠨ᠂ ᠴᠠᠭᠠᠨ ᠭᠡᠭᠡᠨ ᠵᠢᠴᠢ | ᠪᠦᠬᠦ ᠬᠤᠰᠢᠭᠤᠨ ᠤ 21 ᠰᠦᠮ᠎ᠡ ᠬᠡᠶᠢᠳ ᠤᠨ ᠲᠤᠮᠢᠯᠠᠭᠰᠠᠨ ᠯᠠᠮᠠ ᠨᠠᠷ ᠤᠷᠤᠯᠴᠠᠳᠠᠭ ﹇2﹈ ᠭᠡᠵᠤ ᠲᠡᠮᠳᠡᠭᠯᠡᠯ | ᠪᠤᠢ᠃ | ᠠᠷᠤ ᠬᠤᠷᠴᠢᠨ ᠬᠤᠰᠢᠭᠤ ᠨᠢ ᠸᠠᠩ ᠤᠨ ᠤᠷᠳᠤᠨ ᠪᠠᠶᠢᠭᠤᠯᠵᠤ ᠰᠠᠭᠤᠷᠢᠰᠢᠨ ᠵᠠᠰᠠᠭᠯᠠᠬᠤ ᠠᠴᠠ ᠡᠮᠤᠨ᠎ᠡ | ᠡᠯ᠎ᠡ ᠦᠶ᠎ᠡ ᠶᠢᠨ ᠸᠠᠩ ᠨᠤᠶᠠᠳ ᠨᠢ ᠰᠠᠭᠤᠷᠢᠰᠢᠮᠠᠯ ᠪᠠᠶᠢᠰᠢᠩ ᠤᠷᠳᠤ ᠪᠠᠶᠢᠬᠤ ᠦᠭᠡᠢ᠂ ᠮᠤᠩᠭᠤᠯ ᠭᠡᠷ ᠲᠤ | ᠰᠠᠭᠤᠳᠠᠭ ᠲᠤᠯᠠ ᠦᠷᠭᠦᠯᠵᠢ ᠨᠡᠭᠦᠨ ᠰᠢᠯᠵᠢᠵᠤ ᠪᠠᠶᠢᠳᠠᠭ ᠤᠨ ᠤᠴᠢᠷ᠂ ᠸᠠᠩ ᠨᠤᠶᠠᠳ ᠤᠨ ᠲᠠᠬᠢᠳᠠᠭ ᠠᠭᠤᠯᠠ | ᠬᠠᠶᠢᠷᠬᠠᠨ᠂ ᠤᠪᠤᠭ᠎ᠠ ᠱᠠᠩᠰᠢ ᠨᠢ ᠴᠦ ᠲᠤᠭᠳᠠᠮᠠᠯ ᠨᠢᠭᠡ ᠭᠠᠵᠠᠷ ᠲᠤ ᠪᠠᠶᠢᠳᠠᠭ ᠪᠢᠰᠢ᠂ ᠠᠯᠢ ᠭᠠᠵᠠᠷ ᠨᠡᠭᠦᠵᠤ | ᠤᠴᠢᠪᠠᠯ ᠲᠡᠨᠳᠡᠬᠢ ᠶᠢᠨ ᠶᠠᠮᠠᠷ ᠨᠢᠭᠡᠨ ᠠᠭᠤᠯᠠ ᠤᠰᠤ ᠶᠢ ᠲᠤᠭᠤᠵᠤ ᠰᠢᠳᠦᠬᠦ ᠪᠤᠶᠤ ᠡᠰᠡᠭᠦᠯ᠎ᠡ ᠭᠡᠭᠡᠨ ᠬᠤᠳᠤᠭᠳᠤ | ᠪᠠᠷ ᠰᠢᠨᠵᠢᠭᠦᠯᠵᠤ ᠠᠶᠢᠯᠠᠳᠤᠭᠤᠯᠤᠭᠠᠳ ᠵᠢᠭᠠᠵᠤ ᠦᠭᠭᠦᠭᠰᠡᠨ ᠭᠠᠵᠠᠷ ᠲᠤ ᠨᠢ ᠤᠪᠤᠭ᠎ᠠ ᠪᠤᠰᠬᠠᠵᠤ ᠲᠠᠬᠢᠳᠠᠭ | ᠪᠠᠶᠢᠭᠰᠠᠨ ᠠᠴᠠ ᠠᠷᠤ ᠬᠤᠷᠴᠢᠨ ᠬᠤᠰᠢᠭᠤᠨ ᠤ ᠬᠢᠵᠠᠭᠠᠷ ᠲᠤᠳᠤᠷ᠎ᠠ ᠠᠷᠪᠠᠨ ᠬᠤᠶᠠᠷ ᠬᠠᠨ ᠠᠭᠤᠯᠠ ᠲᠠᠢ ᠪᠤᠯᠵᠤ᠂ | ᠵᠤᠩᠭᠢᠯᠠᠬᠤ ᠳᠤ ᠨᠢ ᠸᠠᠩ ᠨᠤᠶᠠᠨ ᠲᠤᠭᠳᠠᠮᠠᠯ ᠪᠤᠰᠤ ᠬᠤᠭᠤᠴᠠᠭ᠎ᠠ ᠲᠠᠢ ᠪᠠᠷ ᠤᠴᠢᠵᠤ ᠲᠠᠬᠢᠬᠤ ᠪᠤᠶᠤ ᠪᠡᠶ᠎ᠡ ᠪᠠᠷ | ᠢᠶᠠᠨ ᠤᠴᠢᠵᠤ ᠲᠡᠶᠢᠯᠬᠦ ᠦᠭᠡᠢ ᠲᠤᠬᠢᠶᠠᠯᠳᠤᠯ ᠳᠤ ᠵᠠᠰᠠᠭ ᠠᠮᠪᠠᠨ ᠪᠤᠶᠤ ᠰᠠᠶᠢᠳ ᠲᠦᠰᠢᠮᠡᠯ ᠲᠤᠮᠢᠯᠠᠨ | ᠤᠴᠢᠭᠤᠯᠵᠤ ᠲᠠᠬᠢᠯᠭ᠎ᠠ ᠳᠤ ᠤᠷᠤᠯᠴᠠᠭᠤᠯᠤᠨ ᠤᠴᠢᠷ ᠶᠤᠰᠤ ᠪᠠᠨ ᠭᠦᠢᠴᠡᠳᠭᠡᠳᠡᠭ ᠪᠠᠶᠢᠵᠠᠢ᠃ ᠵᠢᠱᠢᠶᠡᠯᠡᠪᠡᠯ᠂ | ᠲᠡᠭᠡᠷ᠎ᠡ ᠶᠠᠷᠢᠭᠰᠠᠨ ᠭᠤᠷᠪᠠᠨ ᠬᠠᠨ ᠠᠭᠤᠯᠠ ᠠᠴᠠ ᠭᠠᠳᠠᠨ᠎ᠠ ᠪᠠᠰᠠ᠂ ᠤᠷᠢᠳᠤ ᠶᠢᠨ ᠪᠠᠶᠠᠨᠳᠠᠯ᠎ᠠ ︵ᠤᠳᠤ ᠶᠢᠨ | ᠰᠠᠶᠢᠬᠠᠨᠳᠠᠯ᠎ᠠ︶ ᠶᠢᠨ ᠶᠠᠮᠤᠨ ᠵᠡᠷᠭᠡ ᠭᠠᠵᠠᠷ ᠢᠶᠠᠷ ᠵᠠᠰᠠᠭᠯᠠᠵᠤ ᠪᠠᠶᠢᠬᠤ ᠳᠤ ᠪᠠᠨ ᠲᠤᠬᠤᠢ ᠬᠠᠨ ᠠᠭᠤᠯᠠ᠂ | ᠬᠠᠯᠠᠭᠠᠶᠢᠳᠤ ᠬᠠᠨ ᠠᠭᠤᠯᠠ ᠶᠢ ᠲᠠᠬᠢᠵᠤ ᠪᠠᠶᠢᠭᠰᠠᠨ᠂ ᠲᠤᠬᠤᠮᠳᠠᠢ ᠶᠢᠨ ᠭᠤᠤᠯ᠂ ᠤᠤ ᠮᠦᠷᠡᠨ ᠤ ᠲᠡᠭᠡᠳᠤ | ᠤᠷᠤᠰᠬᠠᠯ ᠤᠨ ᠰᠠᠪᠠ ᠲᠠᠭᠠᠤ ᠤᠷᠤᠨ ᠢᠶᠠᠷ ᠨᠡᠭᠦᠳᠡᠯᠯᠡᠨ ᠵᠠᠰᠠᠭᠯᠠᠵᠤ ᠪᠠᠶᠢᠬᠤ ᠳᠤ ᠪᠠᠨ ᠰᠢᠷ᠎ᠠ ᠦᠨᠳᠤᠷ ᠬᠠᠨ | ᠠᠭᠤᠯᠠ᠂ ᠪᠠᠶᠠᠨ ᠪᠤᠷᠤᠯᠵᠢ ᠬᠠᠨ ᠠᠭᠤᠯᠠ ᠵᠡᠷᠭᠡ ᠶᠢ ᠲᠠᠬᠢᠵᠤ ᠪᠠᠶᠢᠭᠰᠠᠨ᠂ ᠵᠢᠴᠢ ᠲᠡᠤᠬᠡ ᠰᠤᠶᠤᠯ ᠤᠨ ᠨᠡᠷᠡᠳᠤ | ᠠᠭᠤᠯᠠ — ᠯᠢᠭᠳᠡᠨ ᠬᠤᠳᠤᠭᠳᠤ ᠬᠠᠭᠠᠨ ᠤ ᠨᠡᠶᠢᠰᠯᠡᠯ ᠸᠴᠢᠷᠳᠤ ᠴᠠᠭᠠᠨ ᠬᠤᠳᠠ ᠶᠢᠨ ᠠᠷᠤ ᠲᠦᠰᠢᠯᠭᠡ | ᠪᠤᠯᠤᠭᠰᠠᠨ ᠠᠪᠠᠭ᠎ᠠ ᠬᠠᠷ᠎ᠠ ᠬᠠᠨ ᠠᠭᠤᠯᠠ᠂ ᠬᠤᠰᠢᠭᠤᠨ ᠵᠠᠬ᠎ᠠ ᠬᠢᠵᠠᠭᠠᠷ ᠲᠤ ᠤᠷᠤᠰᠢᠵᠤ ᠪᠠᠶᠢᠭᠰᠠᠨ ᠴᠠᠭᠠᠨ | ᠦᠨᠳᠤᠷ ᠬᠠᠨ ᠠᠭᠤᠯᠠ᠂ ᠰᠤᠪᠠᠢ ᠬᠠᠨ ᠠᠭᠤᠯᠠ᠂ ᠪᠦᠷᠭᠦᠭᠡᠰᠤᠳᠡᠢ ᠬᠠᠨ ᠠᠭᠤᠯᠠ ᠵᠡᠷᠭᠡ ᠶᠢ ᠬᠠᠨ ᠠᠭᠤᠯᠠ | ᠭᠡᠵᠤ ᠬᠦᠨᠳᠤᠳᠬᠡᠨ ᠨᠡᠷᠡᠯᠡᠭᠰᠡᠨ ᠨᠢ ᠪᠦᠷ ᠲᠡᠤᠬᠡ ᠶᠢᠨ ᠤᠴᠢᠷ ᠰᠢᠯᠳᠠᠭᠠᠨ ᠲᠠᠢ ᠶᠤᠮ᠃ ᠤᠳᠤ ᠠᠷᠤ ᠬᠤᠷᠴᠢᠨ | ᠬᠤᠰᠢᠭᠤᠨ ᠳᠤ ᠶᠡᠭᠡ ᠪᠠᠭ᠎ᠠ ᠲᠠᠬᠢᠯᠭ᠎ᠠ ᠲᠠᠢ ᠠᠭᠤᠯᠠ ᠤᠪᠤᠭ᠎ᠠ ᠭᠤᠷᠪᠠᠨ ᠵᠠᠭᠤ ᠲᠠᠯ᠎ᠠ ᠭᠠᠷᠤᠢ ᠪᠠᠶᠢᠳᠠᠭ ᠪᠤᠯᠪᠠᠴᠤ᠂ | ᠬᠤᠰᠢᠭᠤ ᠵᠠᠰᠠᠭ ᠠᠴᠠ ᠬᠦᠨᠳᠤᠳᠭᠡᠨ ᠦᠵᠡᠵᠤ᠂ ᠵᠠᠰᠠᠭ ᠠᠷᠠᠳ ᠬᠠᠮᠳᠤᠷᠠᠨ ᠦᠷᠭᠡᠨ ᠬᠡᠪᠴᠢᠶ᠎ᠡ ᠲᠠᠢ ᠲᠠᠬᠢᠯᠭ᠎ᠠ | ᠶᠢᠨ ᠦᠢᠯᠡ ᠶᠢ ᠭᠦᠢᠴᠡᠳᠭᠡᠵᠤ ᠪᠠᠶᠢᠭ᠎ᠠ ᠨᠢ ᠭᠤᠭᠤᠰᠤᠳᠠᠢ ᠬᠠᠨ ᠠᠭᠤᠯᠠ ︵ᠶᠡᠭᠡ ᠬᠠᠶᠢᠷᠬᠠᠨ ᠬᠠᠨ ᠠᠭᠤᠯᠠ︶ | ᠶᠢᠨ ᠲᠠᠬᠢᠯᠭ᠎ᠠ ᠬᠢᠭᠡᠳ ᠠᠷᠤ ᠬᠤᠷᠴᠢᠨ ᠬᠤᠰᠢᠭᠤᠨ ᠤ ᠬᠤᠨᠳᠤ ᠶᠢᠨ ᠪᠤᠭᠳᠠ ᠠᠭᠤᠯᠠ ᠶᠢᠨ ᠬᠠᠪᠤᠳᠤ ᠬᠠᠰᠠᠷ ᠤᠨ | ᠲᠠᠭᠢᠯᠭ᠎ᠠ ᠪᠤᠯᠤᠨ᠎ᠠ᠃ | | ᠵᠡᠭᠦᠯᠳᠡ᠄ | ﹇1﹈ ᠠᠷᠤ ᠬᠤᠷᠴᠢᠨ ᠤ ᠠᠷᠪᠠᠨ ᠬᠤᠶᠠᠷ ᠬᠠᠨ ᠠᠭᠤᠯᠠ᠄ ᠶᠡᠭᠡ ᠬᠠᠶᠢᠷᠬᠠᠨ ᠬᠠᠨ ᠠᠭᠤᠯᠠ ︵ | ᠭᠤᠭᠤᠰᠤᠳᠠᠢ ᠬᠠᠨ︶᠂ ᠬᠦᠯᠢᠭᠡᠷ ᠬᠠᠨ ᠠᠭᠤᠯᠠ᠂ ᠪᠠᠶᠠᠨᠵᠢᠷᠦᠭᠡ ᠬᠠᠨ ᠠᠭᠤᠯᠠ᠂ ᠠᠪᠠᠭ᠎ᠠ ᠬᠠᠷ᠎ᠠ ᠬᠠᠨ ᠠᠭᠤᠯᠠ | ᠂ ᠰᠢᠷ᠎ᠠ ᠦᠨᠳᠤᠷ ᠬᠠᠨ ᠠᠭᠤᠯᠠ᠂ ᠪᠠᠶᠠᠨ ᠪᠤᠷᠤᠯᠵᠢ ᠬᠠᠨ ᠠᠭᠤᠯᠠ᠂ ᠲᠤᠬᠤᠢ ᠬᠠᠨ ᠠᠭᠤᠯᠠ᠂ ᠪᠦᠷᠭᠦᠭᠡᠰᠤᠳᠡᠢ | ᠬᠠᠨ ᠠᠭᠤᠯᠠ᠂ ᠬᠠᠯᠠᠭᠠᠶᠢᠳᠤ ᠬᠠᠨ ᠠᠭᠤᠯᠠ᠂ ᠰᠤᠪᠠᠢ ᠬᠠᠨ ᠠᠭᠤᠯᠠ᠂ ᠬᠤᠰᠤᠳᠠᠢ ᠬᠠᠨ ᠠᠭᠤᠯᠠ᠂ ᠴᠠᠭᠠᠨ | ᠦᠨᠳᠤᠷ ᠬᠠᠨ ᠠᠭᠤᠯᠠ᠃ | ﹇2﹈ ᠴᠤᠭᠮᠠᠨᠳᠤᠯᠠ ᠶᠢᠨ ︽ᠮᠤᠩᠭᠤᠯᠴᠤᠳ ᠤᠨ ᠠᠭᠤᠯᠠᠨ ᠲᠠᠬᠢᠯᠭ᠎ᠠ︾ 2017 ᠣᠨ ᠤ 12 ᠰᠠᠷ᠎ᠠ᠂ | ᠨᠢᠭᠡᠳᠦᠭᠡᠷ ᠬᠡᠪ 154 ᠨᠢᠭᠤᠷ᠃ | | |