ᠠᠷᠤ ᠬᠤᠷᠴᠢᠨ ᠤ ᠤᠤᠭᠠᠯ ᠬᠦᠮᠦᠰ ᠡᠷᠳᠡ ᠤᠷᠢᠳᠤ ᠠᠴᠠ ᠪᠠᠨ ᠬᠡᠦᠬᠡᠳ ᠵᠠᠯᠠᠭᠤᠴᠤᠳ ᠲᠤ ︽ᠭᠤᠷᠪᠠᠨ | ᠤᠯᠤᠰ ᠤᠨ ᠦᠯᠢᠭᠡᠷ︾ ᠢ ᠤᠩᠰᠢᠭᠤᠯᠬᠤ ᠶᠢ ᠳᠠᠰᠤ ᠴᠡᠭᠡᠷᠯᠡᠳᠡᠭ᠃ | ᠤᠴᠢᠷ ᠨᠢ ᠵᠠᠯᠠᠭᠤ ᠬᠡᠦᠬᠡᠳ ︽ᠭᠤᠷᠪᠠᠨ ᠤᠯᠤᠰ ᠤᠨ ᠦᠯᠢᠭᠡᠷ︾ ᠢ ᠨᠢᠭᠡ ᠤᠳᠠᠭ᠎ᠠ ᠤᠩᠰᠢᠪᠠᠯ ᠬᠦᠮᠦᠨ | ᠢ ᠠᠰ ᠬᠠᠷᠠᠬᠤ ᠦᠬᠡᠢ᠂ ᠬᠤᠶᠠᠷ ᠤᠳᠠᠭ᠎ᠠ ᠤᠩᠰᠢᠪᠠᠯ ᠬᠡᠷᠡᠮ ᠤᠨ ᠰᠡᠭᠦᠳᠡᠷ ᠢᠶᠠᠷ ᠶᠠᠪᠤᠬᠤ ᠳᠤ ᠨᠤᠷᠠᠵᠤ ᠤᠨᠠᠬᠤ | ᠠᠴᠠ ᠰᠡᠵᠢᠭᠯᠡᠵᠦ᠂ ᠭᠤᠷᠪᠠ ᠤᠩᠰᠢᠪᠠᠯ ᠵᠢᠷᠦᠬᠡᠨ ᠳᠤ ᠨᠢ ᠦᠰᠦ ᠤᠷᠭᠤᠵᠤ᠂ ᠬᠦᠮᠦᠨ ᠴᠢᠨᠠᠷ ᠦᠭᠡᠢ ᠬᠠᠷᠬᠢᠰ | ᠪᠠᠯᠮᠠᠳ᠂ ᠶᠠᠮᠠᠷ ᠮᠠᠭᠤ ᠬᠡᠷᠡᠭ ᠢ ᠴᠦ ᠬᠢᠬᠦ ᠳᠤ ᠨᠢᠳᠦ ᠬᠠᠯᠢᠷᠠᠬᠤ ᠦᠭᠡᠢ ᠪᠤᠯᠤᠨ᠎ᠠ ᠭᠡᠵᠦ ᠳᠠᠰᠤ ᠴᠡᠭᠡᠷᠯᠡᠳᠡᠭ᠃ | ᠡᠶᠢᠨ ᠬᠦ ᠠᠶᠢᠯ ᠤᠰᠤᠨ ᠤ ᠬᠦᠮᠦᠰ ᠤᠨ ᠳᠤᠳᠤᠷ᠎ᠠ ᠨᠤᠮ ᠤᠩᠰᠢᠭᠰᠠᠨ ᠬᠦᠮᠦᠨ ᠤᠯᠠᠨ ᠪᠠᠶᠢᠪᠠᠴᠤ | ᠴᠦᠭᠡᠨ ᠬᠡᠳᠦᠨ ᠨᠠᠰᠤᠳᠠᠳ ᠯᠡ ︽ᠭᠤᠷᠪᠠᠨ ᠤᠯᠤᠰ ᠤᠨ ᠦᠯᠢᠭᠡᠷ︾ ᠢ ᠳᠠᠭᠤᠳᠠᠳᠠᠭ ᠠᠴᠠ ᠪᠢᠰᠢ᠂ ᠦᠭᠡᠷ᠎ᠡ | ᠳᠠᠭᠤᠳᠠᠬᠤ ᠬᠦᠮᠦᠨ ᠦᠭᠡᠢ ᠶᠤᠮ᠃ | ᠡᠷᠳᠡᠨ ᠠᠴᠠ ᠨᠠᠭᠠᠰᠢ ᠬᠦᠮᠦᠰ ᠶᠠᠮᠠᠷ ᠨᠤᠮ ᠢ ᠬᠤᠷᠢᠶᠠᠨ ᠤᠩᠰᠢᠭᠰᠠᠨ ᠴᠦ ︽ᠭᠤᠷᠪᠠᠨ ᠤᠯᠤᠰ ᠤᠨ | ᠦᠯᠢᠭᠡᠷ︾ ᠢ ᠬᠠᠳᠠᠭᠠᠯᠠᠵᠤ ᠢᠷᠡᠭᠰᠡᠨ ᠬᠦᠮᠦᠨ ᠦᠭᠡᠢ ᠪᠢᠯᠡ᠃ | | | ᠨ᠊᠂ ᠵᠢᠷᠭᠠᠯ |