ᠠᠷᠤ ᠬᠤᠷᠴᠢᠨ ᠤ ᠤᠤᠭᠠᠯ ᠬᠦᠮᠦᠰ ᠤᠯᠠᠭᠠᠨ ᠬᠤᠰᠢᠭᠤᠳᠤ ᠨᠤᠬᠠᠢ ᠳᠡᠵᠢᠭᠡᠬᠦ ᠶᠢ ᠴᠡᠭᠡᠷᠯᠡᠳᠡᠭ
ᠨᠡᠶᠢᠲᠡᠯᠡᠭᠰᠡᠨ ᠴᠠᠭ᠄
2020/4/21
     ᠠᠷᠤ ᠬᠤᠷᠴᠢᠨ ᠤ ᠤᠤᠭᠠᠯ ᠬᠦᠮᠦᠰ ᠠᠩᠬ᠎ᠠ ᠡᠷᠳᠡ ᠠᠴᠠ ᠪᠠᠨ ᠤᠯᠠᠭᠠᠨ ᠬᠤᠰᠢᠭᠤᠳᠤ ᠨᠤᠬᠠᠢ ᠳᠡᠵᠢᠭᠡᠬᠦ  ᠶᠢ ᠳᠠᠰᠤ ᠴᠡᠭᠡᠷᠯᠡᠳᠡᠭ ᠶᠤᠰᠤ ᠪᠤᠢ᠃      ᠠᠩᠬ᠎ᠠ ᠤᠷᠢᠳᠤ ᠶᠢᠨ ᠴᠠᠭ ᠲᠤ ᠨᠢᠭᠡᠨ ᠠᠶᠢᠯ ᠤᠨ ᠬᠢᠨᠢ ᠤᠯᠠᠭᠠᠨ ᠬᠤᠰᠢᠭᠤᠳᠤ ᠬᠤᠳᠠᠴᠢ ᠨᠤᠬᠠᠢ ᠳᠡᠵᠢᠭᠡᠵᠦ ᠪᠠᠶᠢᠪᠠ ᠭᠡᠨ᠎ᠡ᠃ ᠡᠨᠡ ᠠᠶᠢᠯ ᠤᠨ ᠬᠢᠨᠢ ᠰᠦᠨᠢ ᠳᠤ ᠪᠠᠨ ᠤᠨᠤᠰᠢᠨ ᠮᠤᠷᠢ ᠪᠠᠨ ᠰᠢᠪᠡᠭᠡᠨ ᠨᠦᠮᠦᠷᠢ ᠤᠶᠠᠵᠤ ᠬᠤᠨᠤᠳᠠᠭ ᠭᠡᠨ᠎ᠡ᠃ ᠦᠷᠯᠦᠭᠡ ᠪᠤᠰᠤᠭᠠᠳ ᠮᠤᠷᠢ ᠪᠠᠨ ᠦᠵᠡᠪᠡᠯ ᠬᠦᠮᠦᠨ ᠵᠠᠶᠢᠳᠠᠯᠠᠭᠰᠠᠨ ᠤᠷᠤᠮ ᠲᠠᠢ ᠵᠤᠭᠰᠤᠳᠠᠭ ᠪᠠᠶᠢᠵᠠᠢ᠃ ᠡᠭᠦᠨ ᠢ ᠦᠵᠡᠭᠡᠳ ᠭᠡᠷ ᠤᠨ ᠡᠵᠡᠨ ᠶᠡᠬᠡᠳᠡ ᠭᠠᠶᠢᠬᠠᠵᠤ ᠤᠬᠠᠭᠠᠨ ᠢ ᠨᠢ ᠤᠯᠤᠭᠰᠠᠨ ᠦᠭᠡᠢ ᠳᠡᠭᠡᠭᠡᠳ ᠬᠡᠳᠦᠨ ᠰᠦᠨᠢ ᠭᠡᠳᠡᠭᠦ ᠳᠤ ᠦᠨᠦ ᠤᠯᠠᠭᠠᠨ ᠬᠤᠰᠢᠭᠤᠳᠤ ᠨᠤᠬᠠᠢ ᠨᠢ ᠦᠦᠷ ᠬᠡᠬᠡᠷᠡᠬᠦ ᠠᠴᠠ ᠤᠷᠳᠤᠭᠤᠷ ᠬᠦᠮᠦᠨ ᠰᠢᠭ ᠬᠤᠪᠢᠯᠤᠨ ᠮᠤᠷᠢ ᠶᠢ ᠵᠠᠶᠢᠳᠠᠯᠠᠨ ᠲᠤᠪᠳᠤᠯᠳᠠᠭ ᠢ ᠤᠯᠵᠤ ᠮᠡᠳᠡᠵᠠᠢ᠃      ᠡᠨᠡ ᠨᠤᠬᠠᠢ ᠪᠠᠰᠠ ᠬᠦᠮᠦᠨ ᠬᠠᠷ᠎ᠠ ᠦᠭᠡᠢ ᠦᠶᠡᠰ ᠭᠡᠷ ᠲᠤ ᠨᠢ ᠤᠷᠤᠭᠠᠳ ᠦᠷᠦᠮ᠎ᠡ ᠰᠦ ᠶᠢ ᠨᠢ ᠠᠶᠠᠭᠠᠯᠠᠵᠤ ᠢᠳᠡᠵᠦ ᠪᠠᠶᠢᠬᠤ ᠳᠤ ᠭᠡᠷ ᠤᠨ ᠡᠵᠡᠨ ᠳᠠᠭᠠᠷᠠᠯᠳᠤᠵᠤ ᠶᠡᠬᠡᠳᠡ ᠠᠶᠤᠨ ᠰᠤᠴᠢᠵᠤ ᠡᠪᠡᠳᠴᠢᠯᠡᠪᠡ ᠭᠡᠨ᠎ᠡ      ᠳᠡᠭᠦᠨ ᠠᠴᠠ ᠬᠤᠶᠢᠰᠢ ᠤᠯᠠᠭᠠᠨ ᠬᠤᠰᠢᠭᠤᠳᠤ ᠨᠤᠬᠠᠢ ᠶᠢ ᠰᠡᠵᠢᠭᠯᠡᠨ ︽ᠪᠤᠭ ᠪᠦᠳᠦᠨ᠎ᠡ︾ ᠬᠡᠮᠡᠨ ᠳᠡᠵᠢᠭᠡᠬᠦ ᠶᠢ ᠴᠡᠭᠡᠷᠯᠡᠳᠡᠭ ᠪᠤᠯᠪᠠ ᠭᠡᠨ᠎ᠡ᠃                                                   ᠨ᠊᠂ ᠵᠢᠷᠭᠠᠯ
 
ᠢᠷᠡᠯᠲᠡ᠄ ᠠᠷᠣ ᠬᠤᠷᠴᠢᠨ ᠬᠤᠰᠢᠭᠤᠨ ᠵᠠᠰᠠᠭ ᠤᠨ ᠣᠷᠳᠣᠨ ᠤ ᠮᠤᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 © ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05003979号